6 ᠰᠠᠷ᠎ᠠ ᠶᠢᠨ 23 ᠤ ᠡᠳᠦᠷ ᠡᠴᠡ 27 ᠤ ᠡᠳᠦᠷ ᠪᠤᠯᠳᠠᠯ᠎ᠠ 2017 ᠤᠨ ᠤ ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ︽ᠲᠡᠷᠢᠭᠦᠯᠡᠭᠴᠢ ᠬᠤᠨᠳᠠᠭᠠᠳᠦ︾ᠰᠤᠷᠭᠠᠭᠤᠯᠢ ᠶᠢᠨ ᠬᠦᠷᠢᠶᠡᠨ ᠤ ᠲᠦᠷᠪᠡᠨ ᠲᠡᠰ ᠤᠨ ᠬᠤᠯᠪᠤᠭᠠᠳᠦ ᠤᠷᠤᠯᠳᠤᠭᠠᠨ ᠤ ᠵᠡᠭᠦᠨ ᠪᠦᠰᠡ ᠶᠢᠨ ᠤᠷᠤᠯᠳᠤᠭᠠᠨ ᠤᠯᠠᠭᠠᠨᠬᠠᠳᠠ ᠬᠤᠳᠠ ᠳ᠋ᠦ ᠶᠠᠪᠤᠬᠳᠠᠪᠠ᠃ ᠵᠡᠭᠦᠨ ᠪᠦᠰᠡ ᠶᠢᠨ ᠤᠷᠤᠯᠳᠤᠭᠠᠨ ᠳ᠋ᠦ ᠦᠪᠦᠷ ᠮᠤᠡᠭᠭᠤᠯ ᠤᠨ ᠵᠡᠭᠦᠨ ᠲᠦᠷᠪᠡᠨ ᠠᠶᠢᠮᠠᠬ ᠬᠤᠳᠠ ︵ᠬᠦᠯᠦᠨ ᠪᠤᠶᠢᠷ ᠬᠤᠳᠠ᠂ ᠲᠦᠡᠭᠯᠢᠶᠤᠤ ᠬᠤᠳᠠ᠂ ᠤᠯᠠᠭᠠᠨᠬᠠᠳᠠ ᠬᠤᠳᠠ᠂ ᠬᠢᠡᠭᠭᠠᠨ ᠠᠶᠢᠮᠠᠬ︶ ᠤᠨ ᠨᠠᠢᠮᠠᠨ ᠠᠡᠭᠭᠢ ᠤᠷᠤᠯᠴᠠᠵᠦ᠂ ᠡᠭᠦᠨ ᠳ᠋ᠦ ᠮᠠᠨ ᠤ ᠬᠤᠳᠠ ᠡᠴᠡ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠪᠤᠯᠤᠨ ᠰᠢᠨ᠎ᠡ ᠪᠠᠷᠭᠤ ᠵᠡᠭᠦᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠲᠦᠯᠦᠭᠡᠯᠡᠨ ᠬᠦᠷᠴᠡᠢ᠃

 ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ᠡᠷᠡᠭᠲᠡᠢ ᠶᠢᠨ ᠬᠦᠯ ᠪᠦᠮᠪᠦᠭᠡ ᠶᠢᠨ ᠠᠡᠭᠭᠢ ᠡᠨᠡ ᠵᠢᠯ ᠤᠨ ᠲᠠᠪᠤᠨ ᠰᠠᠷ᠎ᠠ ᠳ᠋ᠦ ᠬᠦᠯᠦᠨ ᠪᠤᠶᠢᠷ ᠬᠤᠳᠠ ᠶᠢᠨ ︽ᠬᠤᠳᠠ ᠶᠢᠨ ᠳᠠᠷᠤᠭ᠎ᠠ ᠬᠤᠨᠳᠠᠭᠠᠳᠦ︾ᠤᠷᠤᠯᠳᠤᠭᠠᠨ ᠳ᠋ᠦ ᠬᠤᠶᠠᠳᠤᠭᠠᠷ ᠪᠠᠶᠢᠷᠢᠨ ᠳ᠋ᠦ ᠳᠤᠲᠤᠷᠠᠵᠦ᠂ ᠦᠪᠡᠷᠲᠡᠭᠡᠨ ᠵᠠᠰᠠᠬᠤ ᠤᠷᠤᠨ ᠤ ︽ᠲᠡᠷᠢᠭᠦᠯᠡᠡᠭᠴᠢ ᠬᠤᠨᠳᠠᠭᠠᠳᠦ︾ ᠰᠤᠷᠭᠠᠭᠤᠯᠢ ᠶᠢᠨ ᠬᠦᠷᠢᠶᠡᠨ ᠤ ᠬᠦᠯ ᠪᠦᠮᠪᠦᠭᠡ ᠶᠢᠨ ᠲᠦᠷᠪᠡᠨ ᠲᠡᠰ ᠤᠨ ᠬᠤᠯᠪᠤᠭᠠᠳᠦ ᠤᠷᠤᠯᠳᠤᠭᠠᠨ ᠳ᠋ᠦ ᠤᠷᠤᠯᠴᠠᠬᠤ ᠡᠷᠬᠡ ᠪᠡᠨ ᠬᠦᠷᠳᠡᠵᠦ᠂ ᠲᠤᠰ ᠰᠠᠷ᠎ᠠ ᠶᠢᠨ ᠬᠤᠷᠢᠨ ᠬᠤᠶᠠᠷ ᠤᠨ ᠡᠳᠦᠷ ᠤᠯᠠᠭᠠᠨᠬᠠᠳᠠ ᠬᠤᠳᠠ ᠳ᠋ᠦ ᠬᠦᠷᠴᠦ᠂ ᠲᠠᠷᠠᠭ᠎ᠠ ᠡᠳᠦᠷ ᠡᠴᠡ ᠨᠢ ᠲᠤᠭᠤᠶᠢᠯᠠᠡᠭ ᠤᠨ ᠤᠷᠤᠯᠳᠤᠭᠠᠨ ᠢᠶᠡᠨ ᠡᠬᠢᠯᠡᠭᠦᠯᠵᠡᠢ᠃ ᠰᠤᠷᠤᠬᠴᠢᠳ ᠲᠤᠬᠠᠢ ᠶᠢᠨ ᠭᠠᠵᠠᠷ ᠤᠨ ᠠᠭᠤᠷ ᠠᠮᠢᠰᠬᠤᠯ ᠪᠤᠯᠤᠨ ᠤᠷᠤᠯᠳᠤᠭᠠᠨ ᠤ ᠲᠠᠯᠠᠪᠤᠷ ᠲᠠᠢ ᠵᠤᠬᠢᠴᠠᠵᠦ ᠴᠢᠳᠠᠭ᠎ᠠ ᠦᠭᠡᠢ ᠪᠠᠶᠢᠬᠰᠠᠨ ᠡᠴᠡ ᠲᠤᠭᠤᠶᠢᠯᠠᠡᠭ ᠤᠨ ᠨᠢᠭᠡᠳᠦᠭᠡᠷ ᠲᠠᠯᠠᠪᠠᠢ ᠤᠷᠤᠯᠳᠤᠭᠠᠨ ᠳ᠋ᠠᠭᠠᠨ ᠳᠦᠷᠪᠡ ᠬᠠᠷᠢᠴᠠᠬᠤ ᠨᠢᠭᠡ ᠪᠡᠷ ᠢᠯᠠᠬᠳᠠᠵᠦ᠂ ᠰᠡᠭᠦᠯᠴᠢ ᠶᠢᠨ ᠬᠤᠶᠠᠷ ᠲᠠᠯᠠᠪᠠᠢ ᠤᠷᠤᠯᠳᠤᠭᠠᠨ ᠳ᠋ᠠᠭᠠᠨ ᠪᠦᠷ ᠨᠢᠭᠡ ᠬᠠᠷᠢᠴᠠᠬᠤ ᠲᠡᠭ ᠢᠶᠡᠷ ᠦᠷᠢᠰᠦᠯᠳᠦᠭᠴᠢ ᠪᠡᠨ ᠢᠯᠠᠵᠦ᠂ ᠳᠤᠭᠤᠶᠢᠯᠠᠡᠭ ᠳ᠋ᠠᠭᠠᠨ ᠲᠡᠷᠢᠭᠦᠨ ᠪᠠᠶᠢᠷᠢ ᠪᠡᠷ ᠬᠠᠭᠠᠰ ᠰᠶᠢᠳᠪᠦᠷᠢᠲᠦ ᠤᠷᠤᠯᠳᠤᠭᠠᠨ ᠳ᠋ᠦ ᠲᠡᠪᠰᠢᠪᠡ᠃ ᠬᠠᠭᠠᠰ ᠰᠶᠢᠳᠪᠦᠷᠢᠲᠦ ᠤᠷᠤᠯᠳᠤᠭᠠᠨ ᠳ᠋ᠦ ᠲᠦᠡᠭᠯᠢᠶᠤᠤ ᠬᠤᠳᠠ ᠶᠢᠨ ᠵᠠᠷᠤᠳ ᠬᠤᠰᠢᠭᠤᠨ ᠤ ᠮᠤᠡᠭᠭᠤᠯ ᠦᠨᠳᠦᠰᠦᠲᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠶᠢ ᠲᠠᠪᠤ ᠬᠠᠷᠢᠴᠠᠬᠤ ᠬᠤᠶᠠᠷ ᠢᠶᠡᠷ ᠲᠠᠶᠢᠯᠵᠦ᠂ ᠰᠶᠢᠳᠪᠦᠷᠢᠲᠦ ᠤᠷᠤᠯᠳᠤᠭᠠᠨ ᠳ᠋ᠦ ᠬᠠᠭᠤᠴᠢᠨ ᠦᠷᠢᠰᠦᠯᠳᠦᠭᠴᠢ ᠰᠢᠨ᠎ᠡ ᠪᠠᠷᠭᠤ ᠵᠡᠭᠦᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠲᠠᠢ ᠦᠯᠡᠳᠡᠵᠡᠢ᠃

 2017 ᠤᠨ ᠤ ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ︽ᠲᠡᠷᠢᠭᠦᠯᠡᠭᠴᠢ ᠬᠤᠨᠳᠠᠭᠠᠳᠦ︾ ᠰᠤᠷᠭᠠᠭᠤᠯᠢ ᠶᠢᠨ ᠬᠦᠷᠢᠶᠡᠨ ᠤ ᠲᠦᠷᠪᠡᠨ ᠲᠡᠰ ᠤᠨ ᠬᠤᠯᠪᠤᠭᠠᠳᠦ ᠤᠷᠤᠯᠳᠤᠭᠠᠨ ᠤ ᠵᠡᠭᠦᠨ ᠪᠦᠰᠡ ᠶᠢᠨ ᠤᠷᠤᠯᠳᠤᠭᠠᠨ ᠳ᠋ᠦ ᠰᠢᠨ᠎ᠡ ᠪᠠᠷᠭᠤ ᠵᠡᠭᠦᠨ ᠪᠠᠷᠠᠭᠤᠨ ᠬᠤᠰᠢᠭᠤᠨ ᠤ ᠬᠤᠶᠠᠷ ᠪᠠᠭ᠎ᠠ ᠰᠤᠷᠭᠠᠭᠤᠯᠢ ᠰᠶᠢᠳᠪᠦᠷᠢᠳᠦ ᠤᠷᠤᠯᠳᠤᠭᠠᠨ ᠳ᠋ᠦ ᠭᠠᠷ ᠬᠤᠯᠪᠤᠨ ᠬᠠᠮᠳᠦ ᠳ᠋ᠠᠭᠠᠨ ᠲᠠᠪᠰᠢᠨ ᠤᠷᠤᠵᠠᠢ ᠭᠡᠰᠡᠨ ᠴᠢᠮᠡᠭᠡ ᠵᠢᠷᠭᠢᠶ᠎ᠡ ᠪᠡᠷ ᠰᠠᠴᠤᠬᠳᠠᠵᠦ᠂ 6ᠰᠠᠷ᠎ᠠ ᠶᠢᠨ 27 ᠤ ᠡᠳᠦᠷ ᠤᠨ ᠰᠶᠢᠳᠪᠦᠷᠢᠲᠦ ᠤᠷᠤᠯᠳᠤᠭᠠᠨ ᠨᠤᠳᠤᠬ ᠲᠠᠭᠠᠨ ᠪᠠᠶᠢᠭ᠎ᠠ ᠬᠦᠮᠦᠰ ᠤᠨ ᠰᠡᠳᠭᠢᠯ ᠢ ᠦᠪᠡᠷ ᠤᠨ ᠡᠷᠬᠡ ᠦᠭᠡᠢ ᠲᠠᠳᠠᠯ᠎ᠠ᠃

ᠲᠠᠪᠤᠨ ᠰᠠᠷ᠎ᠠ ᠳ᠋ᠦ ᠬᠦᠯᠦᠨ ᠪᠤᠶᠢᠷ ᠬᠤᠳᠠ ᠶᠢᠨ ︽ᠬᠤᠳᠠ ᠶᠢᠨ ᠲᠠᠷᠤᠭ᠎ᠠ ᠬᠤᠨᠳᠠᠭᠠᠳᠦ︾ᠤᠷᠤᠯᠳᠤᠭᠠᠨ ᠤ ᠰᠶᠢᠳᠪᠦᠷᠢᠲᠦ ᠤᠷᠤᠯᠳᠤᠭᠠᠨ ᠲᠠᠬᠢᠨ ᠲᠠᠪᠳᠠᠬᠳᠠᠵᠦ᠂ ᠬᠦᠯᠦᠨ ᠪᠤᠶᠢᠷ ᠤᠨ ᠰᠤᠷᠭᠠᠭᠤᠯᠢ ᠶᠢᠨ ᠬᠦᠷᠢᠶᠡᠨ ᠤ ᠬᠦᠯ ᠪᠦᠮᠪᠦᠭᠡ ᠶᠢᠨ ᠬᠦᠭᠵᠢᠯᠲᠡ ᠶᠢ ᠬᠦᠮᠦᠰ ᠤᠨ ᠬᠠᠷᠠᠭᠠᠨ ᠳ᠋ᠦ ᠦᠵᠡᠭᠦᠯᠦᠯ᠎ᠡ᠃ ᠤᠷᠤᠯᠳᠤᠭᠠᠨ ᠤ ᠳ᠋ᠦᠡᠭ ᠰᠠᠨᠠᠭ᠎ᠠ ᠡᠴᠡ ᠭᠠᠳᠠᠭᠤᠷ ᠪᠤᠯᠵᠦ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ᠬᠦᠯ ᠪᠦᠮᠪᠦᠭᠡ ᠶᠢᠨ ᠠᠡᠭᠭᠢ ︽ᠬᠤᠳᠠ ᠶᠢᠨ ᠲᠠᠷᠤᠭ᠎ᠠ ᠬᠤᠨᠳᠠᠭᠠᠳᠦ︾ᠤᠷᠤᠯᠳᠤᠭᠠᠨ ᠤ ᠢᠯᠠᠬᠳᠠᠯ ᠤᠨ ᠬᠠᠷᠢᠭᠤ ᠪᠠᠨ ᠠᠪᠴᠦ ᠬᠤᠶᠠᠷ ᠤᠨᠤᠭ᠎ᠠ ᠪᠡᠷ ᠰᠢᠨ᠎ᠡ ᠪᠠᠷᠭᠤ ᠵᠡᠭᠦᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ᠬᠦᠯ ᠪᠦᠮᠪᠦᠭᠡ ᠶᠢᠨ ᠠᠡᠭᠭᠢ ᠶᠢ ᠢᠯᠠᠵᠦ᠂ ︽ᠲᠡᠷᠢᠭᠦᠯᠡᠭᠴᠢ ᠬᠤᠨᠳᠠᠭᠠᠳᠦ︾ ᠤᠷᠤᠯᠳᠤᠭᠠᠨ ᠤ ᠵᠡᠭᠦᠨ ᠪᠦᠰᠡ ᠶᠢᠨ ᠲᠡᠷᠢᠭᠦᠨ ᠢᠶᠡᠷ ᠲᠤᠳᠤᠷᠠᠵᠠᠢ᠃

 ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ  ︁︉︀︃2014 ᠤᠨ ᠡᠴᠡ ᠡᠬᠢᠯᠡᠨ ᠰᠤᠷᠭᠠᠭᠤᠯᠢ ᠶᠢᠨ ᠬᠦᠷᠢᠶᠡᠨ ᠤ ᠬᠦᠯ ᠪᠦᠮᠪᠦᠭᠡ ᠶᠢ ᠬᠦᠨᠳᠦᠳᠭᠡᠨ ᠦᠵᠡᠵᠦ᠂ ᠰᠤᠷᠭᠠᠭᠤᠯᠢ ᠶᠢᠨ ᠪᠦᠬᠦ ᠬᠦᠮᠦᠰ ᠤᠨ ᠲᠡᠮᠵᠢᠯᠭᠡ ᠪᠠ ᠬᠠᠯᠠᠮᠵᠢᠯᠠᠯ ᠢᠶᠡᠷ ᠤᠯᠠᠨ ᠤᠳᠠᠭ᠎ᠠ ᠤᠷᠤᠯᠳᠤᠭᠠᠨ ᠳ᠋ᠦ ᠰᠢᠯᠢᠳᠡᠭ ᠬᠢᠷᠢ ᠪᠦᠳᠦᠮᠵᠢ ᠭᠠᠷᠭᠠᠵᠦ᠂ 2016 ᠤᠨ᠂ 2017 ᠤᠨ ᠤ ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ︽ᠲᠡᠷᠢᠭᠦᠯᠡᠭᠴᠢ ᠬᠤᠨᠳᠠᠭᠠᠳᠦ︾ᠰᠤᠷᠭᠠᠭᠤᠯᠢ ᠶᠢᠨ ᠬᠦᠷᠢᠶᠡᠨ ᠤ ᠲᠦᠷᠪᠡᠨ ᠲᠡᠰ ᠤᠨ ᠬᠤᠯᠪᠤᠭᠠᠳᠦ ᠤᠷᠤᠯᠳᠤᠭᠠᠨ ᠤ ᠬᠤᠤᠰ ᠮᠠᠡᠭᠯᠠᠢ ᠪᠡᠷ ᠲᠤᠳᠤᠷᠠᠵᠦ᠂ ᠪᠢᠴᠢᠬᠠᠨ ᠪᠦᠮᠪᠦᠭᠡᠴᠢᠳ ᠨᠤᠭᠤᠭᠠᠨ ᠲᠡᠪᠵᠢᠶᠡᠨ ᠳ᠋ᠦ ᠤᠷ᠎ᠠ ᠠᠪᠢᠶᠠᠰ ᠢᠶᠡᠨ ᠭᠦᠢᠴᠡᠳ ᠪᠠᠳᠠᠷᠠᠭᠤᠯᠤᠨ᠂ ᠢᠳᠡᠭᠡᠯ ᠲᠡᠭᠦᠯᠳᠡᠷ ᠢᠶᠡᠷ ᠡᠬᠡ ᠰᠤᠷᠭᠠᠭᠤᠯᠢ ᠳ᠋ᠠᠭᠠᠨ ᠪᠤᠴᠠᠯ᠎ᠠ᠃

QQ截图20170703114125.png

QQ截图20170703114114.png



ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ