ᠮᠤᠳᠤ ᠪᠤᠶᠤ ᠬᠡᠷᠡᠮ ᠲᠡᠭᠡᠷ᠎ᠡ ᠰᠠᠭᠤᠬᠤ ᠶᠢ ᠴᠡᠭᠡᠷᠯᠡᠨ᠎ᠡ

 ᠶᠡᠷᠦ ᠶᠢᠨ ᠦᠭᠡᠨ ᠳ᠋ᠦ︽ᠡᠪᠦᠯ ᠴᠢᠯᠠᠭᠤᠨ ᠲᠡᠭᠡᠷ᠎ᠡ ᠰᠠᠭᠤᠬᠤ ᠦᠭᠡᠢ᠂ ᠵᠤᠨ ᠮᠤᠳᠤᠨ ᠲᠡᠭᠡᠷ᠎ᠡ ᠰᠠᠭᠤᠬᠤ ᠦᠭᠡᠢ︾ᠭᠡᠳᠡᠭ ᠢᠶᠡᠷ ᠵᠤᠨ ᠤ ᠤᠯᠠᠷᠢᠯ ᠳ᠋ᠦ ᠠᠭᠠᠷ ᠤᠨ ᠲᠤᠯᠠᠭᠠᠨ ᠦᠨᠳᠦᠷ᠂ ᠴᠢᠬᠢᠭ ᠨᠤᠶᠢᠲᠠᠨ ᠶᠡᠬᠡᠲᠡᠯ ᠲᠤᠯᠠ ᠬᠦᠳᠡᠭᠡ ᠭᠠᠳᠠᠭ᠎ᠠ ᠪᠠᠶᠢᠭ᠎ᠠ ᠮᠤᠳᠤ ᠬᠡᠷᠡᠮ ᠨᠢ ᠬᠤᠷ᠎ᠠ ᠤᠰᠤᠨ ᠳ᠋ᠦ ᠨᠤᠷᠤᠬᠳᠠᠨ᠂ ᠲᠠᠬᠢᠨ ᠠᠭᠠᠷ ᠤᠨ ᠳᠤᠯᠠᠭᠠᠨ ᠲᠡᠭᠡᠭᠰᠢᠯᠡᠬᠦ ᠦᠶᠡᠰ ᠤᠰᠤ ᠴᠢᠬᠢᠭ ᠲᠡᠭᠡᠭᠰᠢ ᠠᠭᠤᠷᠰᠢᠳᠠᠬ ᠡᠴᠡ ᠪᠤᠯᠵᠦ᠂ ᠬᠦᠮᠦᠨ ᠤ ᠪᠡᠶ᠎ᠡ ᠳ᠋ᠦ ᠠᠷᠠᠰᠤᠨ ᠤ ᠡᠪᠡᠳᠴᠢᠨ ᠪᠤᠶᠤ ᠦᠶ᠎ᠡ ᠭᠡᠰᠢᠭᠦᠨ ᠤ ᠦᠷᠪᠢᠰᠦᠯ ᠢ ᠠᠮᠠᠷᠬᠠᠨ ᠡᠭᠦᠰᠭᠡᠳᠡᠭ᠃

ᠬᠦᠢᠳᠡᠨ ᠨᠤᠶᠢᠳᠠᠨ ᠢᠳᠡᠭᠡᠨ ᠤᠮᠳᠠᠭᠠᠨ ᠢ ᠠᠷᠪᠢᠨ ᠢᠳᠡᠬᠦ ᠶᠢ ᠴᠡᠭᠡᠷᠯᠡᠨ᠎ᠡ

 ᠬᠤᠳᠤᠭᠤᠳᠦ ᠭᠡᠲᠡᠰᠦ ᠬᠡᠳᠦᠷᠬᠡᠢ ᠬᠦᠢᠲᠡᠨ ᠢᠳᠡᠭᠡᠨ ᠤᠮᠳᠠᠭᠠᠨ ᠤ ᠰᠡᠲᠡᠯᠲᠠ ᠶᠢᠨ ᠨᠦᠯᠦᠭᠡ ᠪᠡᠷ ᠬᠦᠷᠪᠡᠯᠵᠡᠬᠦ ᠨᠢ ᠨᠡᠡᠭ ᠲᠦᠷᠭᠡᠰᠴᠦ᠂ ᠢᠳᠡᠰᠢ ᠤᠤᠭᠤᠰᠢ ᠦᠯᠦᠨ ᠭᠡᠳᠡᠰᠦᠨ ᠳ᠋ᠦ ᠰᠢᠡᠭᠭᠡᠭᠡᠭᠳᠡᠬᠦ ᠴᠠᠬ ᠪᠤᠭᠤᠨᠢᠰᠬᠤ ᠡᠴᠡ ᠪᠤᠯᠵᠦ ᠰᠢᠮ᠎ᠡ ᠲᠡᠵᠢᠭᠡᠯ ᠤᠨ ᠰᠢᠡᠭᠭᠡᠭᠡᠯᠲᠡ ᠶᠢ ᠬᠠᠷᠰᠢᠯᠠᠳᠠᠬ᠃ ᠡᠭᠦᠨ ᠤ ᠬᠠᠮᠳᠦ ᠵᠤᠨ ᠤ ᠤᠯᠠᠷᠢᠯ ᠳ᠋ᠦ ᠠᠭᠠᠷ ᠤᠨ ᠳᠤᠯᠠᠭᠠᠨ ᠦᠨᠳᠦᠷ ᠪᠠᠶᠢᠳᠠᠬ ᠡᠴᠡ ᠪᠡᠶ᠎ᠡ ᠶᠢᠨ ᠡᠨᠧᠷᠭᠢ ᠠᠮᠠᠷᠬᠠᠨ ᠰᠠᠷᠨᠢᠬᠤ ᠦᠭᠡᠢ᠂ ᠬᠤᠳᠤᠭᠤᠳᠦ ᠭᠡᠳᠡᠰᠦᠨ ᠤ ᠳᠤᠯᠠᠭᠠᠨ ᠤ ᠬᠡᠮᠵᠢᠶ᠎ᠡ ᠬᠠᠷᠢᠴᠠᠡᠭᠭᠤᠢ ᠦᠨᠳᠦᠷ ᠪᠠᠶᠢᠳᠠᠯ ᠳᠤᠤᠷ᠎ᠠ ᠬᠦᠢᠳᠡᠨ ᠢᠳᠡᠭᠡᠨ ᠤᠮᠳᠠᠭᠠᠨ ᠤ ᠴᠤᠴᠢᠮᠠᠬ ᠰᠡᠳᠡᠯᠲᠡ ᠶᠢ ᠤᠯᠪᠠᠯ᠂ ᠬᠤᠳᠤᠭᠤᠳᠦ ᠭᠡᠳᠡᠰᠦᠨ ᠤ ᠵᠠᠭᠤᠷᠠᠯ ᠢ ᠡᠭᠦᠰᠭᠡᠬᠦ ᠪᠤᠯᠤᠮᠵᠢ ᠲᠠᠢ᠃

ᠦᠳᠡ ᠶᠢᠨ ᠤᠨᠳᠠᠯᠭ᠎ᠠ ᠶᠢ ᠤᠮᠳᠤᠭᠠᠶᠢᠯᠠᠬᠤ ᠶᠢ ᠴᠡᠭᠡᠷᠯᠡᠨ᠎ᠡ

 ᠵᠤᠨ ᠤ ᠤᠯᠠᠷᠢᠯ ᠳ᠋ᠦ ᠡᠳᠦᠷ ᠤᠷᠳᠤᠰᠴᠦ ᠰᠦᠨᠢ ᠪᠤᠭᠤᠨᠢᠰᠳᠠᠬ ᠪᠦᠭᠡᠳ ᠠᠭᠠᠷ ᠤᠨ ᠳᠤᠯᠠᠭᠠᠨ ᠦᠨᠳᠦᠷᠵᠢᠨ᠂ ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠲᠦᠷᠭᠡᠰᠴᠦ᠂ ᠠᠮᠠᠷᠬᠠᠨ ᠶᠠᠳᠠᠷᠠᠳᠠᠬ᠃ ᠵᠠᠷᠢᠮ ᠳ᠋ᠦ ᠪᠠᠨ ᠭᠡᠷ ᠦᠷᠦᠬᠡ ᠳᠤᠲᠤᠷ᠎ᠠ ᠪᠦᠭᠴᠢᠮ ᠬᠠᠯᠠᠭᠤᠨ ᠡᠴᠡ ᠪᠤᠯᠵᠦ ᠰᠦᠨᠢ ᠤᠨᠳᠠᠯᠭ᠎ᠠ ᠶᠢ ᠨᠦᠯᠦᠭᠡᠯᠡᠳᠡᠭ ᠪᠤᠯᠬᠤᠷ ᠦᠳᠡ ᠳ᠋ᠦ ᠬᠠᠭᠠᠰ ᠴᠠᠬ ᠡᠴᠡ ︀1 ᠴᠠᠬ ᠤᠷᠴᠢᠮ ᠤᠨᠳᠠᠬᠤ ᠨᠢ ᠡᠷᠡᠭᠦᠯ ᠮᠨᠳᠦ ᠳ᠋ᠦ ᠲᠤᠡᠭ ᠠᠰᠢᠬᠲᠠᠢ ᠪᠦᠭᠡᠳ ᠨᠠᠷᠠᠰᠢᠬᠤ ᠶᠢ ᠰᠡᠷᠬᠡᠶᠢᠯᠡᠵᠦ ᠴᠢᠳᠠᠨ᠎ᠠ᠃

ᠴᠠᠬᠢᠯᠭᠠᠨ ᠰᠠᠡᠭᠰᠠ ᠶᠢᠨ ᠳᠤᠤᠷ᠎ᠠ ᠬᠡᠳᠦ ᠤᠳᠠᠭᠠᠨ ᠦᠯᠢᠶᠡᠯᠭᠡᠵᠦ ᠰᠠᠭᠤᠬᠤ ᠶᠢ ᠴᠡᠭᠡᠷᠯᠡᠨ᠎ᠡ

 ᠴᠠᠬᠢᠯᠭᠠᠨ ᠰᠠᠡᠭᠰᠠ ᠪᠡᠷ ᠬᠡᠳᠦ ᠤᠷᠳᠦ ᠬᠤᠭᠤᠴᠠᠭ᠎ᠠ ᠦᠯᠢᠶᠡᠯᠭᠡᠬᠦ ᠨᠢ ᠪᠡᠶ᠎ᠡ ᠶᠢᠨ ᠬᠦᠯᠦᠰᠦ ᠭᠠᠷᠴᠦ ᠢᠯᠴᠢ ᠰᠠᠷᠨᠢᠭᠤᠯᠬᠤ ᠲᠡᠡᠭᠴᠡᠭᠦᠷᠢᠲᠦ ᠪᠠᠶᠢᠳᠠᠯ ᠢ ᠡᠪᠳᠡᠵᠦ᠂ ᠲᠤᠯᠤᠭᠠᠢ ᠡᠪᠡᠳᠬᠦ᠂ ᠲᠤᠯᠤᠭᠠᠢ ᠡᠷᠬᠢᠬᠦ᠂ ᠪᠡᠶ᠎ᠡ ᠲᠠᠮᠢᠷᠳᠠᠬᠤ᠂ ᠴᠢᠨᠠᠬᠰᠢᠯᠠᠪᠠᠯ ᠪᠤᠰᠤᠳ ᠡᠪᠡᠳᠴᠢᠨ ᠡᠮᠬᠡᠭ ᠢ ᠡᠭᠦᠰᠭᠡᠳᠡᠭ᠃ ᠰᠦᠨᠢ ᠤᠨᠳᠠᠬᠤ ᠳ᠋ᠦ ᠪᠠᠨ ᠴᠠᠬᠢᠯᠭᠠᠨ ᠰᠠᠡᠭᠰᠠ ᠪᠡᠷ ᠦᠯᠢᠶᠡᠯᠭᠡᠬᠦ ᠶᠢ ᠨᠡᠡᠭ ᠴᠡᠭᠡᠷᠯᠡᠪᠡᠯ ᠵᠤᠬᠢᠨ᠎ᠠ᠃ ᠤᠨᠴᠠᠭᠠᠶᠢᠯᠠᠨ ᠨᠠᠰᠤᠲᠠᠶᠢᠴᠤᠳ ᠪᠤᠯᠤᠨ ᠬᠡᠤᠬᠡᠳ ᠤᠨᠴᠠ ᠠᠡᠭᠬᠠᠷᠬᠤ ᠬᠡᠷᠡᠭᠲᠡᠢ᠃

ᠠᠭᠠᠷ ᠳᠤᠬᠢᠷᠠᠭᠤᠯᠤᠬᠴᠢ ᠶᠢ ᠬᠡᠳᠦ ᠶᠡᠬᠡ ᠨᠡᠭᠡᠭᠡᠬᠦ ᠶᠢ ᠴᠡᠭᠡᠷᠯᠡᠪᠡᠯ ᠵᠤᠬᠢᠨ᠎ᠠ

 ᠬᠦᠮᠦᠰ ᠠᠭᠠᠷ ᠲᠤᠬᠢᠷᠠᠭᠤᠯᠤᠬᠴᠢ ᠶᠢ ᠬᠡᠷᠡᠭᠯᠡᠪᠡᠯ ᠵᠤᠨ ᠳ᠋ᠦ ᠪᠠᠨ ᠰᠡᠷᠢᠭᠦᠨ ᠡᠪᠦᠯ ᠳ᠋ᠦ ᠪᠠᠨ ᠳᠤᠯᠠᠭᠠᠨ ᠲᠠᠭᠠᠯᠠᠮᠵᠢᠲᠠᠢ ᠪᠠᠶᠢᠳᠠᠬ᠂ ᠭᠡᠪᠡᠴᠦ᠂ ᠭᠡᠷ ᠤᠨ ᠭᠠᠳᠠᠨ᠎ᠠ ᠳᠤᠲᠤᠷᠠᠬᠢ ᠠᠭᠠᠷ ᠤᠨ ᠳᠤᠯᠠᠭᠠᠨ ᠤ ᠵᠦᠷᠢᠶ᠎ᠡ ᠬᠡᠳᠦᠷᠬᠡᠢ ᠶᠡᠬᠡ ᠪᠤᠯᠪᠠᠯ ᠬᠦᠮᠦᠨ ᠤ ᠪᠡᠶ᠎ᠡ ᠵᠤᠬᠢᠴᠠᠯ ᠢᠶᠡᠨ ᠠᠯᠳᠠᠵᠦ᠂ ᠠᠮᠠᠷᠬᠠᠨ ᠬᠢᠮᠤᠷᠠᠬᠤ ᠪᠤᠶᠤ ᠡᠪᠡᠳᠴᠢᠨ ᠢ ᠡᠰᠡᠷᠭᠦᠴᠡᠬᠦ ᠴᠢᠳᠠᠪᠤᠷᠢ ᠨᠢ ᠪᠠᠭᠤᠷᠠᠳᠠᠬ᠃ ᠡᠶᠢᠮᠦ ᠡᠴᠡ ᠵᠤᠨ ᠤ ᠤᠯᠠᠷᠢᠯ ᠳ᠋ᠦ ᠠᠭᠠᠷ ᠲᠤᠬᠢᠷᠠᠭᠤᠯᠤᠬᠴᠢ ᠶᠢ ᠬᠡᠷᠡᠭᠯᠡᠬᠦ ᠳ᠋ᠦ ᠪᠡᠨ ᠭᠡᠷ ᠤᠨ ᠭᠠᠳᠠᠨ᠎ᠠ ᠳᠤᠲᠤᠷᠠᠬᠢ ᠠᠭᠠᠷ ᠤᠨ ᠳᠤᠯᠠᠭᠠᠨ ᠤ ᠵᠦᠷᠢᠶ᠎ᠡ ᠶᠢ 5-8 ᠭᠷᠠᠳᠦᠢᠰ ᠤᠨ ᠬᠤᠭᠤᠷᠤᠨᠳᠦ ᠪᠠᠶᠢᠯᠭᠠᠵᠦ᠂ ᠬᠠᠮᠤᠬ ᠤᠨ ᠶᠡᠬᠡ ᠳ᠋ᠦ ᠪᠡᠨ10 ᠭᠷᠠᠳᠦᠢᠰ ᠡᠴᠡ ᠬᠡᠳᠦᠷᠡᠭᠦᠯᠬᠦ ᠦᠭᠡᠢ ᠪᠠᠶᠢᠪᠠᠯ ᠵᠤᠬᠢᠨ᠎ᠠ᠃

ᠤᠮᠳᠠᠭᠠᠰᠬᠤ ᠦᠭᠡᠢ ᠪᠤᠯ ᠤᠰᠤ ᠤᠤᠭᠤᠬᠤ ᠦᠭᠡᠢ ᠪᠠᠶᠢᠬᠤ ᠶᠢ ᠴᠡᠭᠡᠷᠯᠡᠨ᠎ᠡ

 ᠵᠤᠨ ︉ᠤ ᠬᠠᠯᠠᠭᠤᠨ ᠳ᠋ᠦ ᠬᠦᠮᠦᠰ ᠲᠠᠰᠤᠷᠠᠯᠲᠠ ᠦᠭᠡᠢ ᠬᠦᠯᠦᠰᠦ ᠭᠠᠷᠳᠠᠬ ᠡᠴᠡ ᠪᠤᠯᠵᠦ ᠶᠡᠬᠡ ᠬᠡᠮᠵᠢᠶᠡᠨ ᠤ ᠤᠰᠤ ᠨᠦᠬᠦᠪᠦᠷᠢᠯᠡᠬᠦ ᠴᠢᠬᠤᠯᠠ ᠲᠠᠢ ᠪᠠᠶᠢᠳᠠᠬ᠃ ᠭᠡᠪᠡᠴᠦ ᠵᠠᠷᠢᠮ ᠬᠦᠮᠦᠰ ᠤᠮᠳᠠᠭᠠᠰᠬᠤ ᠦᠭᠡᠢ ᠪᠤᠯ ᠤᠤᠭᠤᠬᠤ ᠦᠭᠡᠢ᠂ ᠤᠮᠳᠠᠭᠠᠰᠪᠠᠯ ᠰᠠᠶ᠋ᠢ ᠨᠢᠭᠡ ᠯᠡ ᠠᠮᠢᠰᠬᠤᠭ᠎ᠠ ᠪᠡᠷ ᠶᠡᠬᠡ ᠬᠡᠮᠵᠢᠶᠡᠨ ᠤ ᠤᠰᠤ ᠤᠤᠭᠤᠳᠠᠬ᠃ ᠡᠨᠡ ᠨᠢ ᠵᠢᠷᠦᠬᠡᠨ ᠤ ᠲᠠᠷᠤᠭᠠᠰᠦ ᠶᠢ ᠨᠢᠭᠡ ᠯᠡ ᠲᠡᠭᠡᠷ᠎ᠡ ᠬᠦᠨᠳᠦᠷᠡᠭᠦᠯᠵᠦ᠂ ᠵᠢᠷᠦᠬᠡ ᠲᠦᠭᠰᠢᠬᠦ᠂ ᠠᠮᠢᠰᠬᠤᠭᠠᠳᠠᠬᠤ᠂ ᠬᠦᠢᠲᠡᠨ ᠬᠦᠯᠦᠰᠦ ᠭᠠᠷᠬᠤ ᠵᠡᠷᠭᠡ ᠢᠯᠡᠷᠡᠯ ᠡᠭᠦᠰᠭᠡᠳᠡᠭ᠃ ᠡᠶᠢᠮᠦ ᠡᠴᠡ ᠶᠡᠬᠡ ᠤᠮᠳᠠᠭᠠᠰᠤᠬᠰᠠᠨ ᠦᠶ᠎ᠡ ᠳ᠋ᠦ ᠤᠷᠢᠳᠠᠪᠡᠷ ᠪᠠᠭ᠎ᠠ ᠬᠡᠮᠵᠢᠶᠡᠨ ᠤ ᠤᠰᠤ ᠤᠤᠭᠤᠵᠦ᠂ ᠠᠮᠤᠰᠬᠢᠭᠠᠳ ᠲᠠᠬᠢᠨ ᠤᠤᠭᠤᠪᠠᠯ ᠵᠤᠬᠢᠨ᠎ᠠ᠃

ᠤᠮᠳᠠᠭᠠᠨ ᠢᠶᠡᠷ ᠤᠰᠤ ᠶᠢ ᠤᠷᠤᠯᠠᠭᠤᠯᠬᠤ ᠶᠢ ᠴᠡᠭᠡᠷᠯᠡᠨ᠎ᠡ

 ᠵᠢᠮᠢᠰ ᠤᠨ ᠰᠢᠭᠦᠰᠦ᠂ ᠺᠤᠯᠠ ᠵᠡᠷᠭᠡ ᠤᠯᠠᠡᠭᠬᠢ ᠤᠮᠳᠠᠭᠠᠨ ᠳ᠋ᠦ ᠶᠡᠬᠡ ᠬᠡᠮᠵᠢᠶᠡᠨ ᠤ ᠰᠢᠬᠢᠷ ᠪᠤᠯᠤᠨ ᠴᠠᠬᠢᠯᠭᠠᠨ ᠵᠠᠳᠠᠷᠠᠬᠳᠠᠬᠤ ᠪᠤᠳᠠᠰ ᠠᠭᠤᠯᠤᠬᠳᠠᠵᠦ ᠪᠠᠶᠢᠳᠠᠬ᠃ ᠡᠨᠡ ᠨᠢ ᠬᠤᠳᠤᠭᠤᠳᠤᠨ ᠳ᠋ᠦ ᠰᠡᠳᠡᠯᠲᠡ ᠦᠭᠴᠦ᠂ ᠰᠢᠡᠭᠭᠡᠭᠡᠯᠲᠡ ᠪᠤᠯᠤᠨ ᠢᠳᠡᠭᠡᠨ ᠤ ᠳᠤᠷᠠᠰᠢᠯ ᠢ ᠨᠦᠯᠦᠭᠡᠯᠡᠳᠡᠭ᠃ ᠡᠳᠡᠭᠡᠷ ᠤᠮᠳᠠᠭᠠᠨ ᠢ ᠬᠡᠷᠪᠡ ᠦᠷᠬᠦᠯᠵᠢ ᠶᠡᠬᠡ ᠬᠡᠮᠵᠢᠶ᠎ᠡ ᠪᠡᠷ ᠤᠤᠭᠤᠪᠠᠯ ᠪᠦᠭᠡᠷ᠎ᠡ ᠶᠢᠨ ᠲᠠᠷᠤᠭᠠᠰᠦ ᠶᠢ ᠬᠦᠨᠳᠦᠷᠡᠭᠦᠯᠦᠨ᠂ ᠬᠡᠪ ᠤᠨ ᠠᠵᠢᠯᠯᠠᠭ᠎ᠠ ᠶᠢᠨ ᠴᠢᠳᠠᠪᠤᠷᠢ ᠶᠢ ᠬᠠᠷᠰᠢᠯᠠᠬᠤ ᠪᠦᠭᠡᠳ ᠰᠢᠬᠢᠷ ᠨᠢ ᠪᠡᠶ᠎ᠡ ᠳ᠋ᠦ ᠢᠯᠡᠭᠦᠴᠡ ᠢᠯᠴᠢ ᠬᠤᠷᠠᠮᠳᠤᠭᠤᠯᠤᠨ ᠠᠮᠠᠷᠬᠠᠨ ᠮᠠᠷᠢᠶᠠᠯᠠᠭᠤᠯᠤᠨ᠎ᠠ᠃ ᠡᠶᠢᠮᠦ ᠡᠴᠡ ᠤᠨᠴᠠᠭᠠᠶᠢᠯᠠᠨ ᠬᠡᠤᠬᠡᠳ ᠨᠠᠰᠤᠳᠠᠶᠢᠴᠤᠳ ᠶᠡᠷᠦ ᠶᠢᠨ ᠦᠶ᠎ᠡ ᠳ᠋ᠦ ᠪᠤᠴᠠᠯᠤᠬᠰᠠᠨ ᠤᠰᠤ ᠤᠤᠭᠤᠵᠦ᠂ ᠰᠢᠬᠢᠷᠯᠢᠭ ᠤᠮᠳᠠᠭᠠᠨ ᠢ ᠠᠯᠢ ᠴᠢᠳᠠᠬᠤ ᠪᠡᠷ ᠪᠠᠭ᠎ᠠ ᠤᠤᠭᠤᠪᠠᠯ ᠰᠠᠶᠢᠨ᠃

ᠬᠡᠳᠦᠷᠬᠡᠢ ᠭᠦᠨ ᠪᠤᠶᠤ ᠭᠦᠶᠦᠬᠡᠨ ᠦᠡᠭᠭᠡᠲᠡᠢ ᠨᠠᠷᠠᠨ ᠰᠢᠯ ᠵᠡᠭᠦᠬᠦ ᠶᠢ ᠴᠡᠭᠡᠷᠯᠡᠨ᠎ᠡ

 ᠨᠠᠷᠠᠨ ᠰᠢᠯ ᠵᠡᠭᠦᠪᠡᠯ ᠨᠠᠷᠠᠨ ᠤ ᠭᠡᠷᠡᠯ ᠤᠨ ᠬᠦᠷᠢᠨ ᠤ ᠭᠠᠳᠠᠨᠠᠬᠢ ᠲᠤᠶᠠᠭ᠎ᠠ ᠨᠢᠳᠦ ᠶᠢ ᠰᠢᠷᠠᠬᠳᠠᠭᠤᠯᠬᠤ ᠡᠴᠡ ᠰᠡᠷᠬᠡᠶᠢᠯᠡᠬᠦ ᠦᠢᠯᠡᠳᠦᠯ ᠲᠠᠢ᠃ ᠬᠡᠷᠪᠡ ᠰᠢᠯ ᠤᠨ ᠦᠡᠭᠭᠡ ᠨᠢ ᠬᠡᠳᠦ ᠭᠦᠨ ᠪᠤᠯ ᠬᠦᠷᠢᠨ ᠤ ᠭᠠᠳᠠᠨᠠᠬᠢ ᠲᠤᠶᠠᠭ᠎ᠠ ᠶᠢ ᠬᠠᠯᠬᠠᠯᠠᠵᠦ ᠲᠡᠶᠢᠯᠬᠦ ᠦᠭᠡᠢ ᠪᠠᠶᠢᠳᠠᠬ᠃ ᠡᠶᠢᠮᠦ ᠡᠴᠡ ᠵᠤᠨ ᠤ ᠤᠯᠠᠷᠢᠯ ᠳ᠋ᠦ 15%-30% ᠶᠢᠨ ᠬᠤᠭᠤᠷᠤᠨᠳᠤᠬᠢ ᠦᠨᠡᠰᠦᠨ ᠦᠡᠭᠭᠡ ᠪᠤᠶᠤ ᠨᠤᠭᠤᠭᠠᠨ ᠦᠡᠭᠭᠡ ᠶᠢᠨ ᠭᠡᠷᠡᠯ ᠢ ᠨᠡᠪᠲᠡᠯᠦᠨ ᠦᠵᠡᠬᠦ ᠨᠠᠷᠠᠨ ᠰᠢᠯ ᠵᠡᠭᠦᠪᠡᠯ ᠬᠦᠷᠢᠨ ᠤ ᠭᠠᠳᠠᠨᠠᠬᠢ ᠲᠤᠶᠠᠭ᠎ᠠ ᠶᠢ ᠬᠠᠯᠬᠠᠯᠠᠵᠦ ᠲᠡᠶᠢᠯᠬᠦ ᠮᠦᠷᠳᠡᠬᠡᠨ ᠬᠠᠷᠠᠬᠤ ᠳ᠋ᠦ ᠲᠤᠳᠤ᠂ ᠦᠡᠭᠭᠡ ᠶᠢᠨ ᠵᠦᠷᠢᠶ᠎ᠡ ᠴᠦ ᠪᠠᠭ᠎ᠠ ᠪᠠᠶᠢᠳᠠᠬ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ