ᠮᠤᠡᠭᠭᠤᠯ ᠤᠨ ᠤᠯᠠᠮᠵᠢᠯᠠᠯᠳᠦ ᠶᠠᠰᠤᠨ ᠵᠠᠰᠠᠯ ᠪᠤᠯ ᠮᠤᠡᠭᠭᠤᠯ ᠦᠨᠳᠦᠰᠦᠲᠡᠨ ᠤ ᠦᠯᠡᠮᠵᠢ ᠪᠠᠶᠠᠯᠢᠬ ᠰᠤᠶᠤᠯ ᠤᠨ ᠦᠪ ᠬᠦᠷᠦᠡᠭᠭᠡ ᠶᠢᠨ ᠴᠢᠬᠤᠯᠠ ᠨᠢᠭᠡᠨ ᠪᠦᠷᠢᠯᠳᠦᠭᠦᠨ ᠮᠦᠨ᠃ ᠶᠡᠷᠦᠡᠭᠬᠡᠢ ᠳ᠋ᠤᠨᠢ ᠡᠨᠡᠬᠦ ᠲᠦᠷᠪᠡᠨ ᠵᠦᠢᠯ ᠤᠨ ᠠᠷᠭ᠎ᠠ ᠪᠡᠷ ᠶᠠᠰᠤᠨ ᠤ ᠵᠠᠰᠠᠯ ᠬᠢᠵᠦ ᠡᠪᠡᠳᠴᠢᠨ ᠢᠶᠡᠨ ᠡᠳᠡᠭᠡᠷᠡᠭᠦᠯᠳᠡᠭ᠃

1.ᠤᠨᠤᠰᠢᠯᠠᠬᠤ ᠠᠷᠭ᠎᠎ᠠ

ᠤᠨᠤᠰᠢᠯᠠᠬᠤ ᠳ᠋ᠠᠭᠠᠨ ᠦᠵᠡᠬᠦ᠂ ᠲᠡᠮᠳᠡᠷᠢᠬᠦ᠂ ᠰᠡᠳᠭᠢᠬᠦ᠂ ᠰᠤᠨᠤᠰᠬᠤ ᠵᠡᠷᠭᠡ ᠪᠡᠷ ᠰᠢᠷᠠᠬᠳᠤᠬᠰᠠᠨ ᠡᠪᠡᠳᠴᠢᠲᠡᠨ ᠢ ᠰᠢᠨᠵᠢᠯᠡᠨ ᠪᠠᠶᠢᠴᠠᠭᠠᠵᠦ᠂ ᠶᠠᠰᠤᠨ ᠤ ᠬᠤᠭᠤᠷᠠᠯ ᠪᠤᠶᠤ ᠦᠶ᠎ᠡ ᠶᠢᠨ ᠮᠤᠯᠳᠤᠷᠠᠯ᠂ ᠵᠦᠭᠡᠯᠡᠨ ᠨᠡᠬᠡᠳᠡᠰᠦᠨ ᠤ ᠭᠡᠮᠳᠦᠯ ᠵᠡᠷᠭᠡ ᠶᠢ ᠵᠦᠪ ᠲᠤᠳᠤᠯᠠᠬᠤ ᠬᠡᠷᠡᠭᠲᠡᠢ᠃ ᠭᠡᠬᠦ ᠳ᠋ᠡᠭᠡᠨ ᠡᠪᠡᠳᠴᠢᠲᠡᠨ ᠤ ᠨᠠᠰᠤᠨ ᠤ ᠪᠠᠶᠢᠳᠠᠯ ᠢ ᠦᠨᠳᠦᠰᠦᠯᠡᠵᠦ᠂ ᠴᠤᠬᠢᠯᠲᠠ ᠤᠯᠤᠬᠰᠠᠨ ᠮᠦᠴᠢ ᠶᠢᠨ ᠮᠤᠷᠤᠶᠢᠬᠤ᠂ ᠪᠤᠭᠤᠨᠢᠰᠬᠤ᠂ ᠤᠷᠲᠦ ᠪᠤᠯᠬᠤ᠂ ᠡᠷᠬᠢᠯᠳᠦᠬᠦ᠂ ᠬᠦᠭᠡᠷᠴᠦ ᠬᠠᠪᠤᠳᠬᠤ᠂ ᠦᠡᠭᠬᠡ ᠰᠦᠯᠳᠡ ᠶᠢᠨ ᠬᠤᠪᠢᠷᠠᠯᠳᠠ᠂ ᠪᠡᠶ᠎ᠡ ᠶᠢᠨ ᠪᠠᠷᠢᠰᠢᠯ᠂ ᠭᠡᠮᠳᠡᠯ ᠪᠤᠯᠤᠬᠰᠠᠨ ᠬᠡᠰᠡᠭ ᠨᠢ ᠭᠦᠳᠦᠢᠢᠬᠦ᠂ ᠬᠤᠳᠤᠶᠢᠬᠤ ᠵᠡᠷᠭᠡ ᠶᠢ ᠨᠢᠳᠦ ᠪᠡᠷ ᠦᠵᠡᠵᠦ᠂ ᠭᠡᠮᠳᠦᠯ ᠪᠤᠯᠤᠬᠰᠠᠨ ᠤᠯᠠᠷᠢᠯ᠂ ᠤᠯᠠᠨ ᠬᠤᠭᠤᠷᠠᠵᠦ ᠮᠤᠯᠳᠤᠷᠠᠬᠤ ᠮᠦᠴᠢ᠂ ᠭᠡᠮᠳᠦᠭᠰᠡᠨ ᠰᠢᠯᠳᠠᠭᠠᠨ ᠨᠦᠭᠦᠴᠡᠯ᠂ ᠡᠪᠡᠳᠴᠢᠨ ᠤ ᠢᠯᠡᠷᠡᠯ ᠵᠡᠷᠭᠡ ᠲᠠᠯ᠎ᠠ ᠪᠡᠷ ᠰᠡᠳᠭᠢᠯ ᠪᠤᠳᠤᠯᠬᠢᠯᠠᠭᠠᠳ ᠭᠡᠮᠳᠦᠭᠰᠡᠨ ᠬᠡᠰᠡᠭ ᠤᠨ ᠡᠪᠡᠳᠬᠦ ᠪᠠᠶᠢᠳᠠᠯ᠂ ᠮᠢᠨᠴᠦᠷᠡᠬᠦ᠂ ᠬᠠᠯᠠᠭᠤᠨ ᠬᠦᠢᠳᠡᠨ᠂ ᠬᠠᠭᠤᠷᠮᠠᠬ ᠦᠶ᠎ᠡ ᠭᠠᠷᠬᠤ᠂ ᠪᠡᠷᠳᠡᠭᠰᠡᠨ ᠮᠦᠴᠢ ᠶᠢᠨ ᠠᠵᠢᠯᠯᠠᠭ᠎ᠠ ᠶᠢᠨ ᠬᠤᠪᠢᠷᠠᠯᠳᠠ ᠵᠡᠷᠭᠡ ᠲᠠᠯ᠎ᠠ ᠶᠢ ᠭᠠᠷ ᠢᠶᠡᠷ ᠲᠡᠮᠳᠡᠷᠢᠵᠦ᠂ ᠶᠠᠰᠤᠨ ᠤ ᠬᠤᠭᠤᠷᠠᠯᠳᠠ ᠶᠢᠨ ᠦᠷᠦᠯᠳᠦᠵᠦ ᠱᠠᠷᠴᠢᠬᠢᠨᠠᠬᠤ ᠠᠪᠢᠶ᠎ᠠ ᠶᠢ ᠨᠢ ᠰᠤᠨᠤᠰᠴᠦ ᠪᠠᠶᠢᠭᠠᠳ ᠶᠠᠰᠤᠨ ᠤ ᠬᠤᠭᠤᠷᠠᠯᠳᠠ ᠶᠢ ᠲᠤᠳᠤᠯᠠᠵᠦ ᠮᠡᠳᠡᠳᠡᠭ᠃

2. ᠪᠠᠷᠢᠬᠤ ᠠᠷᠭ᠎ᠠ

ᠪᠠᠷᠢᠬᠤ ᠭᠡᠳᠡᠭ ᠨᠢ ᠲᠠᠷᠤᠢ ᠪᠠᠷᠢᠶᠠᠴᠢ ᠶᠢᠨ ᠭᠠᠷ ᠤᠨ ᠡᠷᠳᠡᠮ ᠢᠶᠡᠷ ᠡᠪᠡᠳᠴᠢᠲᠡᠨ ᠤ ᠬᠤᠭᠤᠷᠠᠬᠰᠠᠨ ᠶᠠᠰᠤᠨ ᠤ ᠲᠡᠡᠭᠴᠡᠭᠦᠷᠢ ᠪᠡᠨ ᠠᠯᠳᠠᠬᠰᠠᠨ ᠪᠠᠶᠢᠳᠠᠯ ᠢ ᠤᠤᠯ ᠬᠡᠪ ᠲᠤᠨᠢ ᠲᠤᠬᠢᠷᠠᠭᠤᠯᠬᠤ ᠶᠢ ᠬᠡᠯᠡᠵᠦ ᠪᠠᠶᠢᠨ᠎ᠠ᠃

3. ᠪᠡᠬᠢᠯᠡᠬᠦ ᠠᠷᠭ᠎ᠠ

ᠪᠡᠬᠢᠯᠡᠬᠦ ᠭᠡᠳᠡᠭ ᠨᠢ ᠶᠠᠮᠠᠷ ᠨᠢᠭᠡᠨ ᠶᠠᠭᠤᠮ᠎ᠠ ᠪᠡᠷ ᠬᠤᠭᠤᠷᠠᠬᠰᠠᠨ ᠶᠠᠰᠤᠨ ᠤ ᠭᠠᠳᠠᠭᠤᠷ ᠪᠤᠭᠤᠵᠦ ᠲᠤᠬᠳᠠᠭᠠᠬᠤ ᠶᠢ ᠬᠡᠯᠡᠨ᠎ᠡ᠃ ᠮᠤᠡᠭᠭᠤᠯ ᠤᠨ ᠤᠯᠠᠮᠵᠢᠯᠠᠯᠳᠦ ᠶᠠᠰᠤ ᠪᠡᠬᠢᠯᠡᠬᠦ ᠠᠷᠭ᠎ᠠ ᠪᠤᠯ ᠪᠡᠶ᠎ᠡ ᠶᠢᠨ ᠮᠦᠴᠢ ᠶᠢᠨ ᠤᠨᠴᠠᠯᠢᠬ᠂ ᠦᠶ᠎ᠡ ᠭᠡᠰᠢᠭᠦᠦ ᠶᠢᠨ ᠲᠦᠷᠰᠦ ᠪᠠᠶᠢᠳᠠᠯ ᠳ᠋ᠦ ᠳᠤᠬᠢᠷᠠᠭᠤᠯᠤᠨ ᠪᠡᠯᠡᠳᠭᠡᠭᠰᠡᠨ 4-8 ᠬᠡᠰᠡᠭ ᠵᠢᠵᠢᠭ ᠬᠠᠪᠢᠰᠦ ᠪᠠᠨ ᠭᠤᠷᠪᠠᠨ ᠤᠶᠠᠳᠠᠰᠦ ᠪᠡᠷ ᠬᠡᠰᠡᠭ ᠭᠠᠵᠠᠷ ᠲᠤᠨᠢ ᠤᠨᠤᠪᠴᠢᠲᠠᠢ ᠪᠠᠬᠯᠠᠵᠦ ᠪᠤᠭᠤᠬᠤ ᠶᠢ ᠬᠡᠯᠡᠨ᠎ᠡ᠃

4.ᠢᠯᠢᠬᠦ ᠠᠷᠭ᠎ᠠ

ᠢᠯᠢᠬᠦ ᠭᠡᠳᠡᠭ ᠨᠢ ᠡᠪᠡᠳᠴᠢᠲᠡᠨ ᠤ ᠭᠡᠮᠳᠦᠭᠰᠡᠨ ᠬᠡᠰᠡᠭ ᠪᠠ ᠲᠡᠭᠦᠨ ᠤ ᠬᠠᠮᠢᠶ᠎ᠠ ᠪᠦᠬᠦᠢ ᠪᠠᠶᠢᠷᠢ ᠳ᠋ᠦ ᠭᠠᠷ ᠵᠠᠰᠠᠯ ᠬᠢᠵᠦ ᠪᠠᠶᠢᠭᠠᠳ ᠡᠪᠡᠳᠴᠢᠲᠡᠨ ᠢ ᠡᠳᠡᠭᠡᠷᠡᠭᠦᠯᠬᠦ ᠶᠢ ᠬᠡᠯᠡᠨ᠎ᠡ᠃ ᠮᠤᠡᠭᠭᠤᠯ ᠤᠨ ᠤᠯᠠᠮᠵᠢᠯᠠᠯᠲᠦ ᠶᠠᠰᠤᠨ ᠵᠠᠰᠠᠯ ᠤᠨ ᠢᠯᠢᠬᠦ ᠠᠷᠭ᠎ᠠ ᠨᠢ ᠠᠷᠪᠠᠨ ᠲᠦᠷᠪᠡᠨ ᠵᠦᠢᠯ ᠪᠠᠶᠢᠳᠠᠬ᠃ ᠲᠤᠬᠠᠶᠢᠯᠠᠪᠠᠯ ᠰᠢᠪᠲᠤᠷᠬᠤ᠂ ᠪᠦᠮᠪᠦᠷᠢᠳᠦᠭᠦᠯᠬᠦ᠂ ᠲᠠᠷᠤᠬᠤ᠂ ᠱᠦᠷᠭᠦᠭᠡᠬᠦ᠂ ᠰᠠᠵᠢᠯᠬᠢᠯᠠᠭᠤᠯᠬᠤ᠂ ᠲᠠᠮᠤᠬᠤ᠂ ᠴᠡᠴᠡᠷᠡᠭᠦᠯᠬᠦ᠂ ᠲᠦᠷᠢᠬᠦ᠂ ᠠᠳᠬᠤᠬᠤ᠂ ᠴᠢᠮᠬᠢᠬᠦ᠂ ᠲᠡᠯᠡᠬᠦ᠂ ᠨᠢᠳᠡᠷᠡᠬᠦ᠂ ᠰᠢᠭᠢᠳᠬᠦ ᠵᠡᠷᠭᠡ ᠪᠤᠯᠤᠨ᠎ᠠ᠃ ᠭᠡᠬᠦ ᠳ᠋ᠡᠭᠡᠨ ᠶᠠᠰᠤᠨ ᠵᠠᠰᠠᠯ ᠤᠨ ᠠᠳᠠᠯᠢ ᠪᠤᠰᠤ ᠬᠤᠭᠤᠴᠠᠭᠠᠨ ᠳ᠋ᠦ ᠠᠳᠠᠯᠢ ᠪᠤᠰᠤ ᠠᠷᠭ᠎ᠠ ᠶᠢ ᠬᠡᠷᠡᠭᠯᠡᠳᠡᠭ᠃


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ