ᠬᠦᠮᠦᠨ ᠪᠦᠬᠦᠨ ᠵᠠᠯᠠᠭᠤ ᠽᠠᠨᠳᠠᠨ ᠪᠠᠶᠢᠬᠤ ᠶᠢ ᠬᠦᠰᠡᠳᠡᠭ ᠡᠴᠡ ᠪᠦᠬᠦ ᠪᠦᠮᠪᠦᠷᠴᠡᠭ ᠲᠡᠬᠢ ᠦᠳᠡᠯᠬᠦ ᠶᠢ ᠰᠡᠷᠬᠡᠶᠢᠯᠡᠬᠦ ᠦᠢᠯᠡᠳᠭᠦᠨ ᠨᠢ ᠨᠢᠭᠡᠨ ᠯᠤᠳᠤ ᠶᠡᠬᠡ ᠠᠵᠦ ᠦᠢᠯᠡᠰ ᠤᠨ ᠬᠡᠯᠬᠢᠶᠡᠵᠢᠯ ᠢ ᠪᠦᠷᠢᠯᠳᠦᠭᠦᠯᠪᠡ᠃ ᠭᠡᠪᠡᠴᠦ ᠠᠷᠠᠰᠦ ᠭᠤᠧᠠᠵᠢᠭᠤᠯᠬᠤ ᠦᠢᠯᠡᠳᠭᠦᠨ ᠵᠦᠪᠬᠡᠨ ᠠᠷᠠᠰᠤᠨ ᠤ ᠦᠡᠭᠭᠡᠨ ᠲᠠᠯ᠎ᠠ ᠶᠢ ᠯᠡ ᠵᠠᠰᠠᠵᠦ ᠲᠡᠶᠢᠯᠬᠦ ᠡᠴᠡ ᠪᠢᠰᠢ᠂ ᠬᠦᠮᠦᠨ ᠤ ᠪᠡᠶ᠎ᠡ ᠶᠢᠨ ᠡᠰ ᠦᠳᠡᠭᠡᠰᠢᠭᠰᠡᠨ ᠡᠴᠡ ᠪᠤᠯᠤᠬᠰᠠᠨ ᠦᠳᠡᠯᠬᠦ ᠶᠠᠪᠤᠴᠠ ᠶᠢ ᠦᠨᠳᠦᠰᠦᠨ ᠡᠴᠡ ᠨᠢ ᠤᠳᠠᠭᠠᠰᠢᠷᠠᠭᠤᠯᠵᠦ ᠴᠢᠳᠠᠬᠤ ᠦᠭᠡᠢ᠃ ᠠᠮᠧᠷᠢᠺᠠ ᠶᠢᠨ ᠳ᠋ᠦᠺᠧᠨ ᠶᠡᠬᠡ ᠰᠤᠷᠭᠠᠭᠤᠯᠢ ᠶᠢᠨ ᠰᠤᠳᠤᠯᠭᠠᠳᠠᠳ ᠤᠨ ᠢᠯᠡᠷᠡᠭᠦᠯᠦᠭᠰᠡᠨ ᠢᠶᠡᠷ᠂ ᠡᠷᠡᠨ ᠤ ᠬᠤᠭᠤᠯᠠ ᠪᠦᠷᠢ ᠪᠡᠨ ᠪᠠᠭ᠎ᠠ ᠲᠤᠳᠠᠭᠤ ᠰᠢᠬ ᠢᠳᠡᠪᠡᠯ ᠦᠳᠡᠯᠬᠦ ᠶᠢ ᠤᠳᠠᠭᠠᠰᠢᠷᠠᠭᠤᠯᠬᠤ ᠦᠢᠯᠡᠳᠦᠯ ᠲᠠᠢ ᠪᠠᠶᠢᠵᠦ ᠮᠡᠳᠡᠨ᠎ᠡ᠃

   ᠡᠭᠦᠨ ᠡᠴᠡ ᠡᠮᠦᠨᠡᠬᠢ ᠰᠤᠳᠤᠯᠭᠠᠨ ᠳ᠋ᠦ ᠬᠡᠯᠡᠬᠦ ᠪᠡᠷ ᠢᠯᠴᠢ ᠶᠢ ᠬᠢᠵᠠᠭᠠᠷᠯᠠᠪᠠᠯ ᠬᠤᠷᠤᠬᠠᠢ᠂ ᠢᠯᠠᠭ᠎ᠠ᠂ ᠬᠤᠯᠤᠭᠠᠨ᠎ᠠ ᠶᠢᠨ ᠦᠳᠡᠯᠬᠦ ᠶᠢ ᠤᠳᠠᠭᠠᠰᠢᠷᠠᠭᠤᠯᠳᠠᠬ᠃ ᠢᠯᠴᠢ ᠰᠢᠡᠭᠭᠡᠭᠡᠬᠦ ᠬᠡᠮᠵᠢᠶ᠎ᠡ ᠶᠢ ᠬᠢᠵᠠᠭᠠᠷᠯᠠᠨ ᠬᠦᠮᠦᠨ ᠲᠦᠷᠦᠯᠬᠢᠳᠡᠨ ᠤ ᠦᠲᠡᠯᠬᠦ ᠶᠢ ᠤᠳᠠᠭᠠᠰᠢᠷᠠᠭᠤᠯᠵᠦ ᠲᠡᠶᠢᠯᠬᠦ ᠡᠰᠡᠬᠦ ᠶᠢ ᠰᠦᠪᠡᠭᠴᠢᠯᠡᠬᠦ ᠶᠢᠨ ᠲᠦᠯᠦᠭᠡ  ᠰᠤᠳᠤᠯᠭᠠᠳᠠᠳ 220 ᠰᠠᠶᠢᠨ ᠳᠤᠷᠠᠴᠤᠤᠯ ᠢ ᠡᠯᠰᠡᠨ᠂ ᠲᠡᠳᠡᠨ ᠢ ᠬᠤᠶᠠᠷ ᠲᠤᠭᠤᠶᠢᠯᠠᠡᠭ ᠬᠤᠪᠢᠶᠠᠭᠠᠳ145 ᠬᠦᠮᠦᠨ ᠢᠶᠡᠷ ᠨᠢ ᠢᠳᠡᠭᠡᠨ ᠤᠮᠳᠠᠭᠠᠨ ᠢ ᠨᠢ ᠬᠢᠵᠠᠭᠠᠷᠯᠠᠭᠤᠯᠤᠨ᠂ ᠲᠡᠭᠰᠢᠳᠭᠡᠭᠡᠳ ᠡᠷᠡᠨ ᠪᠦᠷᠢ 10% ᠢᠶᠡᠷ ᠳᠤᠲᠠᠭᠤ ᠢᠳᠡᠭᠦᠯᠵᠦ᠂ ᠦᠯᠡᠳᠡᠭᠰᠡᠨ 75 ᠬᠦᠮᠦᠨ ᠤ ᠢᠳᠡᠭᠡᠨ ᠤᠮᠳᠠᠭᠠᠨ ᠢ ᠬᠢᠵᠠᠭᠠᠷᠯᠠᠬᠰᠠᠨ ᠦᠭᠡᠢ᠃ ᠰᠤᠳᠤᠯᠭᠠᠨ ᠡᠬᠢᠯᠡᠬᠦ ᠦᠶᠡᠰ᠂ ᠬᠤᠶᠠᠷ ᠲᠤᠭᠤᠶᠢᠯᠠᠡᠭ ᠤᠨ ᠬᠢᠨ ᠤ ᠲᠡᠭᠰᠢᠳᠭᠡᠯ ᠨᠠᠰᠤ ᠨᠢ  38 ᠨᠠᠰᠤ᠂ ᠹᠢᠽᠢᠤᠯᠤᠬᠢ ᠶᠢᠨ ᠨᠠᠰᠤ ᠨᠢ 37 ᠨᠠᠰᠤᠲᠠᠢ ︵ᠹᠢᠽᠢᠤᠯᠤᠬᠢ ᠶᠢᠨ ᠨᠠᠰᠤ ᠶᠢ ᠶᠡᠷᠦᠡᠭᠬᠡᠢ ᠰᠦᠰᠦᠨ ᠤ ᠭᠤᠤᠨᠠᠨ ᠠᠯᠺᠤᠤᠯ᠂ ᠴᠢᠰᠦᠨ ᠲᠠᠷᠤᠯᠳᠠ ᠪᠠ ᠴᠢᠰᠦᠨ ᠤ ᠤᠯᠠᠭᠠᠨ ᠤᠭᠤᠷᠠᠬ︉ ᠤᠨ ᠬᠡᠮᠵᠢᠶ᠎ᠡ ᠵᠡᠷᠭᠡ ᠶᠢ ᠪᠤᠳᠤᠭᠠᠳ ᠤᠯᠳᠠᠬ︶᠃ ᠰᠠᠶᠢᠨ ᠲᠤᠷᠠᠴᠤᠤᠯ ᠢ ᠬᠤᠶᠠᠷ ᠵᠢᠯ ᠳ᠋ᠠᠭᠠᠨ ᠪᠠᠶᠢᠴᠠᠭᠠᠬᠰᠠᠨ ᠤ ᠲᠠᠷᠠᠭ᠎ᠠ᠂ ᠢᠳᠡᠭᠡᠨ ᠤᠮᠳᠠᠭᠠᠨ ᠢ ᠨᠢ ᠬᠢᠵᠠᠭᠠᠷᠯᠠᠬᠰᠠᠨ ᠲᠤᠭᠤᠶᠢᠯᠠᠡᠭ ᠤᠨ ᠬᠢᠨ ᠤ ᠹᠢᠽᠢᠤᠯᠤᠬᠢ ᠶᠢᠨ ᠨᠠᠰᠤ ᠨᠢ ᠵᠢᠯ ᠪᠦᠷᠢ 0.11 ᠨᠠᠰᠤ ᠬᠠᠰᠤᠬᠳᠠᠨ᠂ ᠪᠡᠶ᠎ᠡ ᠮᠠᠬᠠᠪᠤᠳ ᠨᠢ ᠨᠡᠡᠭ ᠵᠠᠯᠠᠭᠤᠵᠢᠪᠠ︔ ᠬᠤᠭᠤᠯᠠ ᠤᠮᠳᠠ ᠶᠢ ᠨᠢ ᠬᠢᠵᠠᠭᠠᠷᠯᠠᠬᠰᠠᠨ ᠦᠭᠡᠢ ᠲᠤᠭᠤᠶᠢᠯᠠᠡᠭ ᠤᠨ ᠬᠢᠨ ᠤ ᠹᠢᠽᠢᠤᠯᠤᠬᠢ ᠶᠢᠨ ᠨᠠᠰᠤ ᠨᠢ ᠬᠠᠷᠢᠨ ᠵᠢᠯ ᠪᠦᠷᠢ 0.71 ᠨᠠᠰᠤ ᠨᠡᠮᠡᠭᠳᠡᠭᠰᠡᠨ ᠪᠠᠶᠢᠪᠠ᠃

   ᠡᠨᠡᠬᠦ ᠰᠢᠨ᠎ᠡ ᠰᠤᠳᠤᠯᠭᠠᠨ ᠨᠢ ᠢᠯᠴᠢ ᠰᠢᠡᠭᠭᠡᠭᠡᠬᠦ ᠬᠡᠮᠵᠢᠶ᠎ᠡ ᠶᠢ ᠬᠢᠵᠠᠭᠠᠷᠯᠠᠬᠤ ᠬᠢᠭᠡᠳ ᠦᠳᠡᠯᠬᠦ ᠶᠢᠨ ᠬᠤᠭᠤᠷᠤᠨᠳᠤᠬᠢ ᠬᠤᠯᠪᠤᠭ᠎ᠠ ᠶᠢ ᠢᠯᠡᠷᠡᠭᠦᠯᠪᠡ᠃ ᠰᠤᠳᠤᠯᠭᠠᠳᠠᠳ ᠤᠨ ᠢᠯᠡᠷᠬᠡᠶᠢᠯᠡᠭᠰᠡᠨ ᠢᠶᠡᠷ᠂ ᠡᠨᠡ ᠨᠢ ᠬᠤᠭᠤᠯᠠ ᠪᠠᠨ ᠪᠢᠳᠡᠬᠡᠢ ᠢᠳᠡ ᠭᠡᠰᠡᠨ ᠦᠭᠡ ᠪᠢᠰᠢ᠂ ᠬᠠᠷᠢᠨ ᠲᠡᠭᠦᠨ ᠤ ᠠᠴᠢ ᠬᠤᠯᠪᠤᠬᠳᠠᠯ ᠨᠢ ᠬᠦᠮᠦᠰ ᠲᠦ ᠪᠡᠶ᠎ᠡ ᠮᠠᠬᠠᠪᠤᠳ ᠤᠨ ᠬᠢᠨᠢ ᠬᠠᠮᠢᠶᠠᠷᠤᠯᠳᠠ ᠶᠢᠨ ᠴᠢᠬᠤᠯᠠ ᠴᠢᠨᠠᠷ ᠢ ᠲᠠᠨᠢᠭᠤᠯᠬᠤ ᠶᠢᠨ ᠬᠠᠮᠳᠦ ᠢᠳᠡᠭᠡᠨ ᠰᠤᠡᠭᠭᠤᠬᠤ ᠦᠶᠡᠰ ᠲᠦ ᠨᠡᠡᠭ ᠤᠯᠠᠨ ᠯᠠᠪᠯᠠᠯᠲᠠ ᠬᠠᠡᠭᠭᠠᠬᠤ ᠶᠢᠨ ᠲᠦᠯᠦᠭᠡ ᠶᠤᠮ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ