正蓝旗1.png

正蓝旗7.png

正蓝旗8.png

 ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠬᠳᠠᠬᠰᠠᠨ 70 ᠵᠢᠯ ᠤᠨ ᠤᠢ ᠵᠢᠴᠢ ᠤᠤᠯ ᠤᠨ ᠬᠠᠡᠭᠬᠠᠯ᠂ ᠭᠡᠷᠡᠰᠦᠲᠡᠢ᠂ ᠰᠠᠶᠢᠨᠬᠤᠳᠳᠤᠬ ᠰᠤᠮᠤᠨ ᠤ ᠵᠠᠰᠠᠬ ᠵᠠᠬᠢᠷᠭ᠎ᠠ ᠶᠢ ᠨᠢᠭᠡᠳᠭᠡᠭᠰᠡᠨ 10 ᠵᠢᠯ ᠤᠨ ᠤᠢ ᠶᠢ ᠳᠤᠬᠢᠶᠠᠯᠳᠤᠭᠤᠯᠤᠨ ᠶᠠᠪᠤᠬᠳᠠᠬᠰᠠᠨ ᠰᠠᠶᠢᠨᠬᠤᠳᠳᠤᠬ ᠰᠤᠮᠤᠨ ᠤ ᠲᠦᠷᠪᠡᠳᠦᠭᠡᠷ ᠤᠳᠠᠭᠠᠨ ᠤ ᠠᠷᠠᠳ ᠤᠨ ᠶᠡᠬᠡ ᠨᠠᠭᠠᠳᠤᠮ ᠨᠢ ᠰᠤᠳᠤᠨ ᠪᠦᠬᠡ ᠪᠡᠨ ᠲᠡᠪᠢᠭᠦᠯᠵᠦ᠂ ᠰᠠᠶᠢᠨ ᠮᠤᠷᠢᠳ ᠢᠶᠡᠨ ᠤᠷᠤᠯᠳᠤᠭᠤᠯᠤᠨ ᠮᠠᠯᠴᠢᠨ ᠤᠯᠠᠨ ᠢ ᠪᠠᠶᠠᠰᠬᠠᠵᠦ ᠲᠤᠰ ᠨᠤᠳᠤᠬ ᠤᠨ ᠦᠢ ᠲᠦᠮᠡᠨ ᠤ ᠠᠵᠠ ᠵᠢᠷᠭᠠᠯᠲᠠᠢ ᠡᠡᠭᠬᠡ ᠲᠦᠪᠰᠢᠨ ᠪᠠᠶᠢᠬᠤ ᠶᠢ ᠪᠡᠯᠭᠡᠳᠡᠨ ᠪᠠᠶᠢᠵᠦ᠂ ᠦᠨᠦᠳᠦᠷ ᠦᠪᠡᠳᠡᠭᠰᠢ ᠶᠡᠬᠡᠪᠡᠷ ᠡᠬᠢᠯᠡᠯ᠎ᠡ᠃

 ᠲᠦᠷᠪᠡᠨ ᠵᠦᠭ ᠨᠠᠢᠮᠠᠨ ᠵᠤᠪᠬᠢᠰ ᠡᠴᠡ ᠬᠦᠷᠦᠯᠴᠡᠨ ᠢᠷᠡᠭᠰᠡᠨ ᠭᠡᠶᠢᠴᠢᠨ ᠵᠤᠴᠢᠳ ᠲᠠᠯᠠᠪᠠᠢ ᠲᠦᠭᠦᠷᠭᠡᠨ ᠨᠠᠶᠢᠷ ᠦᠵᠡᠬᠦ ᠪᠡᠷ ᠬᠦᠭᠰᠡᠵᠦ᠂ ᠡᠬᠢᠯᠡᠯᠲᠡ ᠶᠢᠨ ᠶᠤᠰᠤᠯᠠᠯ ᠢᠶᠡᠷ ᠨᠠᠶᠢᠷ ᠤᠨ ᠲᠠᠯᠠᠪᠠᠢ ᠳ᠋ᠦ ᠲᠦᠷᠦ ᠲᠦᠪᠰᠢᠨ ᠲᠦᠮᠡᠨ ᠠᠮᠤᠭᠤᠯᠠᠡᠭ ᠤᠨ ᠪᠡᠯᠭᠡᠳᠡᠯ ᠪᠤᠯᠤᠬᠰᠠᠨ ᠤᠯᠤᠰ ᠤᠨ ᠲᠤᠬ ᠤᠨ ᠡᠡᠭᠨᠡᠭᠡ᠂ ᠬᠦᠬᠡ ᠤᠬᠲᠠᠷᠭᠤᠢ ᠳ᠋ᠦ ᠲᠡᠭᠦᠯᠢᠨ ᠨᠢᠰᠦᠭᠰᠡᠨ ᠰᠠᠷᠠᠯ ᠮᠤᠷᠢ ᠲᠠᠢ ᠨᠠᠶᠢᠷ ᠤᠨ ᠰᠦᠯᠳᠡ᠂ ᠰᠤᠮᠤᠨ ᠤ ᠲᠤᠬ ᠤᠨ ᠡᠡᠭᠨᠡᠭᠡ᠂ ᠬᠠᠳᠠᠬ ᠤᠨ ᠡᠡᠭᠨᠡᠭᠡ᠂ ᠴᠠᠭᠠᠨ ᠢᠳᠡᠭᠡᠨ ᠤ ᠡᠡᠭᠨᠡᠭᠡ᠂ ᠰᠠᠭᠠᠯᠢᠴᠢᠳ ᠤᠨ ᠡᠡᠭᠨᠡᠭᠡ᠂ ᠬᠦᠳᠡᠯᠮᠦᠷᠢ ᠶᠢᠨ ᠵᠢᠱᠢᠶᠡᠴᠢ᠂ ᠭᠠᠷᠮᠠᠭᠠᠢ ᠮᠠᠯᠴᠢᠳ ᠤᠨ ᠡᠡᠭᠨᠡᠭᠡ᠂ ᠪᠦᠬᠡᠴᠢᠳ ᠤᠨ ᠡᠡᠭᠨᠡᠭᠡ᠂ ᠦᠨᠳᠦᠰᠦᠲᠡᠨ ᠤ ᠵᠠᠡᠭ ᠦᠢᠯᠡ᠂ ᠭᠠᠷ ᠤᠷᠠᠯᠠᠯ︉ ᠤᠨ ᠡᠡᠭᠨᠡᠭᠡ᠂ ᠲᠡᠮᠡᠭᠡᠴᠢᠳ ᠤᠨ ᠡᠡᠭᠨᠡᠭᠡ᠂ ᠰᠤᠮᠤᠨ ᠤ ᠺᠠᠳ᠋ᠷᠴᠤᠳ︉ ᠤᠨ ᠡᠡᠭᠨᠡᠭᠡ᠂ ᠡᠯ᠎ᠡ ᠭᠠᠴᠠᠭᠠᠨ ᠤ ᠮᠠᠯᠴᠢᠳ ᠤᠨ ᠲᠦᠯᠦᠭᠡᠯᠡᠭᠴᠢ ᠶᠢᠨ ᠡᠡᠭᠨᠡᠭᠡ᠂ ᠨᠠᠢᠮᠠᠨ ᠰᠢᠷᠭ᠎ᠠ ᠶᠢᠨ ᠡᠡᠭᠨᠡᠭᠡ᠂ ᠦᠪᠡᠷᠳᠡᠭᠡᠨ ᠵᠠᠰᠠᠬᠤ ᠤᠷᠤᠨ ᠪᠠᠶᠢᠭᠤᠯᠤᠬᠳᠠᠬᠰᠠᠨ 70 ᠵᠢᠯ ᠤᠨ ᠤᠢ ᠶᠢ ᠤᠨᠴᠠᠯᠠᠨ ᠪᠡᠯᠭᠡᠳᠡᠭᠰᠡᠨ 70 ᠮᠤᠷᠢᠲᠠᠨ ᠢᠶᠡᠷ ᠪᠦᠷᠢᠯᠳᠦᠭᠰᠡᠨ ᠮᠤᠷᠢᠲᠠᠨ ᠤ ᠵᠢᠪᠬᠤᠭᠠᠳᠦ ᠡᠡᠭᠨᠡᠭᠡ ᠨᠢ ᠨᠠᠭᠠᠳᠤᠮᠴᠢᠳ ᠢ ᠱᠠᠬᠰᠢᠭᠤᠯᠤᠨ ᠪᠠᠶᠢᠵᠦ ᠲᠠᠯᠠᠪᠠᠢ ᠳ᠋ᠦ ᠤᠷᠤᠯ᠎ᠠ᠃ ᠤᠯᠤᠰ ᠤᠨ ᠲᠤᠬ ᠮᠠᠨᠳᠤᠵᠦ ᠤᠷᠠᠨ ᠰᠠᠶᠢᠬᠠᠨ ᠤ ᠲᠤᠬᠯᠠᠯᠲᠠ ᠡᠬᠢᠯᠡᠬᠦ ᠪᠡᠷ ᠰᠠᠶᠢᠨᠬᠤᠳᠳᠤᠬ ᠨᠤᠳᠤᠬ ᠲᠠᠢ ᠤᠷᠠᠯᠢᠬᠴᠢᠳ ᠤᠨ ︽ᠬᠦᠳᠡᠭᠡ ᠰᠢᠯᠢ︾ᠭᠡᠬᠦ ᠢᠷᠠᠭᠤ ᠡᠭᠡᠰᠢᠭᠯᠡᠡᠭᠲᠦ ᠲᠠᠭᠤᠤ ᠨᠢ ᠨᠠᠶᠢᠷ ᠤᠨ ᠲᠡᠨᠵᠢ ᠶᠢ ᠬᠤᠭᠤᠷ ᠴᠤᠭᠤᠷ ᠤᠨ ᠠᠶ᠎ᠡ ᠪᠡᠷ ᠴᠢᠮᠡᠵᠦ᠂ ᠲᠤᠭᠤᠷᠢᠵᠦ ᠰᠠᠭᠤᠬᠰᠠᠨ ᠤᠯᠠᠨ ᠢᠶᠡᠨ ᠪᠠᠶᠠᠰᠬᠠᠯ᠎ᠠ᠃

  ᠰᠠᠶᠢᠨᠬᠤᠳᠳᠤᠬ ᠰᠤᠮᠤᠨ ᠤ ᠰᠤᠮᠤᠨ ᠲᠠᠷᠤᠭ᠎ᠠ ᠠᠯᠳᠠᠨᠰᠦᠢᠬᠡ ᠨᠠᠶᠢᠷ ᠢ ᠬᠦᠳᠦᠯᠵᠦ᠂ ᠰᠠᠶᠢᠨᠬᠤᠳᠳᠤᠬ ᠰᠤᠮᠤᠨ ᠤ ᠨᠠᠮ ᠤᠨ ᠬᠤᠷᠢᠶᠠᠨ ᠤ ᠱᠦᠵᠢ ᠠᠯᠳᠠᠨᠪᠠᠭᠠᠨ᠎ᠠ ᠨᠠᠶᠢᠷ ᠡᠬᠢᠯᠡᠭᠰᠡᠨ ᠢ ᠵᠠᠷᠯᠠᠵᠦ᠂ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠭᠡᠰᠢᠭᠦᠨ᠂ ᠪᠠᠶᠢᠡᠭᠭᠤ ᠶᠢᠨ ᠲᠡᠳ᠋ ᠬᠤᠰᠢᠭᠤ ᠲᠠᠷᠤᠭ᠎ᠠ ᠪᠠᠳᠠᠷᠠᠯᠲᠦ ᠪᠠᠶᠠᠷ ᠤᠨ ᠦᠭᠡ ᠶᠠᠷᠢᠯ᠎ᠡ᠃ ᠠᠶᠢᠮᠠᠬ ᠤᠨ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ ᠭᠤᠤ ᠰᠢᠶᠤᠤ ᠹᠧᠡᠭ ᠵᠢᠴᠢ ᠬᠤᠰᠢᠭᠤᠨ ᠤ ᠤᠳᠤᠷᠢᠳᠤᠯᠭ᠎ᠠ ᠰᠡᠴᠡᠨᠴᠢᠮᠡᠭ᠂ ᠰᠡᠴᠡᠨ᠂ ᠹᠧᠡᠭ ᠱᠦ ᠵᠢᠤᠧᠠᠨ᠂ ᠴᠢ ᠱᠢ ᠪᠠ᠂ ᠰᠤᠶᠤᠯᠲᠦ᠂ ᠵᠤᠷᠢᠬᠲᠦ ᠪᠠᠭᠠᠳᠤᠷ ᠨᠠᠷ ᠪᠠ ᠤᠤᠯ ᠤᠨ ᠰᠠᠶᠢᠨᠬᠤᠳᠳᠤᠬ᠂ ᠬᠠᠡᠭᠬᠠᠯ᠂ ᠭᠡᠷᠡᠰᠦᠲᠡᠢ ᠰᠤᠮᠤᠨ ᠳ᠋ᠦ ᠠᠵᠢᠯᠯᠠᠵᠦ ᠦᠡᠭᠭᠡᠷᠡᠭᠰᠡᠨ ᠠᠬᠠᠮᠠᠳ ᠤᠳᠤᠷᠢᠳᠤᠯᠭ᠎ᠠ᠂ ᠬᠤᠰᠢᠭᠤ ᠬᠠᠷᠢᠶ᠎ᠠ ᠪᠠᠶᠢᠭᠤᠯᠭ᠎ᠠ᠂ ᠡᠯ᠎ᠡ ᠰᠤᠮᠤ ᠪᠠᠯᠭᠠᠰᠦ ᠲᠠᠯᠠᠪᠠᠢ ᠶᠢᠨ ᠬᠠᠷᠢᠭᠤᠴᠠᠯᠭᠠᠳᠠᠳ ᠤᠷᠢᠯᠭ᠎ᠠ ᠪᠡᠷ ᠬᠦᠷᠦᠯᠴᠡᠨ ᠤᠴᠢᠵᠦ ᠡᠬᠢᠯᠡᠯᠲᠡ ᠶᠢᠨ ᠶᠤᠰᠤᠯᠠᠯ ᠳ᠋ᠦ ᠤᠷᠤᠯᠴᠠᠵᠠᠢ᠃

  ᠨᠠᠶᠢᠷ ᠤᠨ ᠡᠬᠢᠯᠡᠯᠲᠡ ᠶᠢᠨ ᠶᠤᠰᠤᠯᠠᠯ ᠢᠶᠡᠷ ᠡᠯ᠎ᠡ ᠭᠠᠴᠠᠭᠠᠨ ᠡᠴᠡ ᠠᠷᠠᠳ ᠤᠨ ᠶᠡᠬᠡ ᠨᠠᠶᠢᠷ ᠲᠦ ᠪᠡᠨ ᠠᠬᠳᠠ ᠬᠦᠯᠦᠭ᠂ ᠠᠳᠠᠨ ᠲᠡᠮᠡᠭᠡᠨ ᠤ ᠪᠡᠯᠡᠭ ᠢᠶᠡᠨ ᠪᠠᠷᠢᠵᠦ᠂ ᠤᠯᠠᠭᠠᠨᠭᠡᠷᠡᠯ᠂ ᠲᠤ‍·ᠰᠤᠶᠤᠯ ᠵᠡᠷᠭᠡ 16 ᠬᠦᠳᠡᠯᠮᠦᠷᠢ ᠶᠢᠨ ᠵᠢᠱᠢᠶᠡᠴᠢ᠂ ᠤᠳᠬᠤᠨ᠂ ᠰᠠᠶᠢᠰᠢᠶᠠᠯᠲᠦ ᠵᠡᠷᠭᠡ 36 ᠭᠠᠷᠮᠠᠭᠠᠢ ᠮᠠᠯᠴᠢᠨ ᠢᠶᠡᠨ ᠱᠠᠡᠭᠨᠠᠨ ᠬᠦᠬᠢᠭᠦᠯᠵᠦ᠂ ᠮᠦᠡᠭᠬᠡᠵᠢᠷᠭᠠᠯ᠂ ᠮᠦᠡᠭᠬᠡᠳᠤᠶᠠᠭ᠎ᠠ ᠬᠤᠶᠠᠷ ᠠᠬᠠᠮᠠᠳ ᠪᠦᠬᠡ ᠪᠡᠨ ᠲᠠᠳᠠᠬᠯᠠᠨ ᠵᠠᠡᠭᠭᠢᠶ᠎ᠠ ᠪᠠᠨ ᠶᠡᠭᠦᠯᠡᠬᠦ ᠶᠤᠰᠤᠯᠠᠯ ᠢ ᠶᠠᠪᠤᠬᠳᠠᠭᠤᠯᠵᠠᠢ᠃

  ᠡᠬᠢᠯᠡᠯᠲᠡ ᠶᠢᠨ ᠶᠤᠰᠤᠯᠠᠯ ᠤᠨ ᠲᠠᠷᠠᠭ᠎ᠠ ᠨᠠᠶᠢᠷ ᠤᠨ ᠡᠯ᠎ᠡ ᠲᠦᠷᠦᠯ ︉ᠤᠨ ᠤᠷᠤᠯᠳᠤᠭᠠᠨ ᠲᠡᠮᠡᠴᠡᠭᠡᠨ ᠤ ᠲᠦᠷᠦᠯ ᠵᠦᠢᠯ ᠡᠬᠢᠯᠡᠨ ᠶᠠᠪᠤᠬᠳᠠᠯ᠎ᠠ᠃

  ᠲᠤᠰ ᠨᠠᠶᠢᠷ ᠨᠢ 27᠂ 28 ᠬᠤᠶᠠᠷ ᠡᠳᠦᠷ ᠶᠠᠪᠤᠬᠳᠠᠵᠦ 256 ᠬᠦᠴᠦᠲᠦ ᠪᠦᠬᠡ᠂ 64 ᠠᠬᠠᠮᠠᠳ ᠪᠦᠬᠡ᠂ 32 ᠬᠡᠤᠬᠡᠳ ᠤᠨ ᠪᠦᠬᠡ᠂ 60 ᠭᠠᠵᠠᠷ ᠤᠨ ᠬᠤᠯᠠ ᠶᠢᠨ ᠮᠤᠷᠢᠨ ᠤ ᠤᠷᠤᠯᠳᠤᠭᠠᠨ᠂ 20 ᠭᠠᠵᠠᠷ ᠤᠨ ᠬᠠᠳᠠᠷᠢᠶ᠎ᠠ᠂ ᠵᠢᠷᠤᠭ᠎ᠠ ᠮᠤᠷᠢᠨ ᠤ ᠤᠷᠤᠯᠳᠤᠭᠠᠨ᠂ ᠰᠤᠷ ᠬᠠᠷᠪᠤᠯᠲᠠ ᠶᠢᠨ ᠤᠷᠤᠯᠳᠤᠭᠠᠨ᠂ ᠰᠢᠳᠠᠷ᠎ᠠ ᠶᠢᠨ ᠤᠷᠤᠯᠳᠤᠭᠠᠨ᠂ ᠲᠡᠭᠡᠰᠦ ᠲᠠᠳᠠᠬᠤ ᠤᠷᠤᠯᠳᠤᠭᠠᠨ ᠵᠡᠷᠭᠡ ᠶᠢ ᠲᠤᠬᠢᠷᠠᠭᠤᠯᠤᠬᠰᠠᠨ ᠪᠠᠶᠢᠨ᠎ᠠ᠃

正蓝旗2.png

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ