ᠠᠮᠧᠷᠢᠺᠠ ᠶᠢᠨ ᠡᠳᠦᠷ ᠪᠤᠯᠭᠠᠨ ᠤ ᠰᠢᠨᠵᠢᠯᠡᠬᠦ ᠤᠬᠠᠭᠠᠨ ᠤ ᠨᠧᠲ ᠤᠨ ᠤᠶᠢᠷ᠎ᠠ ᠳᠤ ᠮᠡᠳᠡᠭᠡᠯᠡᠭᠰᠡᠨ ᠢᠶᠡᠷ᠂ ᠠᠩᠭ᠍ᠯᠢ ᠶᠢᠨ ᠰᠢᠨᠵᠢᠯᠡᠬᠦ ᠤᠠᠬᠠᠭᠠᠨᠲᠠᠨ ᠪᠡᠶ᠎ᠠ ᠳᠤ ᠬᠠᠩᠭ᠋ᠠᠬᠤ ᠰᠲ᠋ᠧᠮ ᠡᠰ᠂ ᠵᠠᠮᠠᠭ ᠤᠨ ᠬᠦᠴᠢᠯᠯᠢᠭ᠌ ᠳᠠᠪᠤᠰᠤ ᠪᠤᠯᠤᠨ ᠤᠬ ᠴᠠᠪᠠᠤᠯᠢᠭ ᠢᠶᠡᠷ ᠲᠦᠭᠦᠬᠡᠢ ᠡᠳ᠋ ᠪᠤᠯᠭᠠᠵᠤ ᠲᠤᠰᠬᠠᠢ ᠥᠢᠯᠡᠳᠦᠭᠰᠡᠨ ᠨᠢᠬᠡᠨ ᠵᠦᠢᠯ ᠤᠨ 《ᠠᠮᠢᠳᠤ ᠪᠤᠳᠠᠰ ᠤᠨ ᠰᠢᠩᠬᠡᠨ ᠪᠤᠳᠤᠭ》ᠪᠦᠲᠦᠬᠡᠬᠦ ᠶᠢᠨ ᠬᠠᠮᠲᠤ ᠠᠩᠬ᠎ᠠ ᠤᠳᠠᠭ᠎ᠠ 3D ᠬᠡᠪᠯᠡᠯ ᠤᠨ ᠮᠡᠷᠭᠡᠵᠢᠯ ᠢᠶᠡᠷ ᠬᠦᠮᠦᠨ ᠲᠦᠷᠦᠯᠬᠢᠲᠠᠨ ᠤ ᠨᠢᠳᠦᠨ ᠤ ᠡᠪᠡᠷᠯᠢᠭ᠌᠌ ᠪᠦᠷᠬᠦᠪᠴᠢ ᠵᠣᠬᠢᠶᠡᠵᠡᠢ᠃ ᠡᠨᠡ ᠨᠢ ᠢᠷᠡᠭᠡᠳᠤᠢ ᠳᠤ ᠬᠦᠮᠦᠨ ᠲᠦᠷᠦᠯᠬᠢᠲᠠᠨ ᠬᠢᠵᠠᠭᠠᠷ ᠦᠬᠡᠢ ᠬᠠᠩ᠋ᠭᠠᠯᠭ᠎ᠠ ᠲᠠᠢ ᠨᠢᠳᠦᠨ ᠤ ᠡᠪᠡᠷᠯᠢᠭ᠌᠌ ᠪᠦᠷᠬᠦᠪᠴᠢ ᠤᠯᠵᠤ ᠪᠤᠯᠬᠤ ᠶᠢ ᠬᠠᠷᠠᠭᠤᠯᠤᠬᠰᠠᠨ ᠪᠠᠶᠢᠨ᠎ᠠ᠃ ᠬᠡᠯᠡᠯᠬᠡᠨ ᠦᠬᠡᠢ᠂ ᠡᠨᠡᠬᠦ ᠨᠢᠳᠦᠨ ᠤ ᠡᠪᠡᠷᠯᠢᠭ᠌᠌ ᠪᠦᠷᠬᠦᠪᠴᠢ ᠶᠢ ᠰᠢᠯᠵᠢᠬᠦᠯᠦᠨ ᠰᠠᠭᠤᠯᠭᠠᠵᠤ ᠠᠰᠢᠬᠯᠠᠬᠤ ᠳᠤ ᠪᠠᠰᠠ ᠬᠡᠰᠡᠭ ᠬᠤᠭᠤᠴᠠᠭ᠎ᠠ ᠬᠡᠷᠡᠭᠰᠡᠬᠦ ᠶᠤᠮ᠃

 ᠬᠦᠮᠦᠨ ᠤ ᠨᠢᠳᠤᠨ ᠤ ᠬᠠᠮᠤᠭ ᠤᠨ ᠭᠠᠳᠠᠷ ᠳᠠᠪᠬᠤᠷᠭᠠᠨ ᠤ ᠨᠡᠭᠡᠳᠡᠰᠤ ᠪᠤᠯᠤᠭᠰᠠᠨ ᠤ ᠬᠤᠪᠢ ᠳᠤ ᠨᠢᠳᠦᠨ ᠤ ᠡᠪᠡᠷᠯᠢᠭ᠌᠌ ᠪᠦᠷᠬᠦᠪᠴᠢ ᠶᠢᠨ ᠭᠤᠤᠯ ᠥᠢᠯᠡᠳᠤᠯ ᠪᠤᠯ ᠬᠠᠷᠠᠭ᠎ᠠ ᠶᠢ ᠲᠦᠪᠯᠡᠷᠡᠬᠦᠯᠤᠨ᠎ᠠ᠃ ᠳᠡᠯᠡᠬᠡᠢ ᠳᠤ ᠪᠠᠷᠤᠭ 1000 ᠲᠦᠮᠡᠨ ᠬᠦᠮᠦᠨ ᠨᠢᠳᠦᠨ ᠤ ᠬᠦᠰᠢᠶ᠎ᠠ ᠡᠪᠡᠳᠴᠢᠨ ᠵᠡᠷᠭᠡ ᠡᠴᠡ ᠪᠤᠯᠤᠭᠰᠠᠨ ᠡᠪᠡᠷᠯᠢᠭ᠌᠌ ᠪᠦᠷᠬᠦᠪᠴᠢ ᠶᠢᠨ ᠬᠠᠷᠠᠭ᠎ᠠ ᠦᠬᠡᠢ ᠶᠢ ᠮᠡᠰᠡ ᠵᠠᠰᠠᠯ ᠢᠶᠡᠷ ᠡᠮᠨᠡᠨ ᠵᠠᠰᠠᠬᠤ ᠴᠢᠬᠤᠯᠠᠲᠠᠢ; ᠡᠬᠦᠨ ᠡᠴᠡ ᠭᠠᠳᠠᠨ᠎ᠠ᠂ ᠲᠦᠯᠡᠩᠬᠡᠢ ᠰᠢᠷᠬ᠎ᠠ᠂ ᠤᠰᠤᠯ ᠪᠤᠶᠤ ᠡᠪᠡᠳᠴᠢᠨ ᠡᠮᠬᠡᠭ᠌ ᠡᠴᠡ ᠪᠤᠯᠤᠭᠰᠠᠨ ᠨᠢᠳᠦᠨ ᠤ ᠡᠪᠡᠷᠯᠢᠭ᠌᠌ ᠪᠦᠷᠬᠦᠪᠴᠢ ᠶᠢᠨ ᠴᠢᠳᠠᠮᠵᠢ ᠶᠢᠨ ᠰᠠᠭᠠᠳ ᠨᠢ 500 ᠲᠦᠮᠡᠨ ᠬᠦᠮᠦᠨ ᠢ ᠪᠦᠷᠢᠮᠦᠰᠦᠨ ᠬᠠᠷᠠᠭ᠎ᠠ ᠠᠯᠳᠠᠭᠤᠯᠵᠤ ᠪᠤᠢ᠃


ᠢᠷᠡᠯᠳᠡ : 

ᠰᠢᠨᠵᠢᠯᠡᠬᠦ ᠤᠬᠠᠭᠠᠨ ᠲᠧᠭᠨᠤᠯᠤᠬᠢ ᠶᠢᠨ ᠡᠳᠦᠷ ᠤᠨ ᠰᠣᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ