ᠤᠷᠴᠢᠮ ᠤᠨ ᠡᠳᠦᠷ᠂ ᠥᠪᠦᠷ ᠮᠣᠩ᠋ᠭᠤᠯ ᠤᠨ ᠬᠦᠰᠡᠬᠦᠢ ᠮᠣᠩ᠋ᠭᠤᠯ ᠡᠮᠨᠡᠯᠭᠡ ᠶᠢᠨ 《ᠡᠷᠡᠬᠦᠯ ᠮᠡᠨᠳᠤ ᠪᠡᠷ ᠶᠠᠳᠠᠭᠤ ᠶᠢ ᠳᠡᠳᠭᠦᠵᠤ ᠮᠠᠯᠵᠢᠬᠤ ᠤᠷᠤᠨ ᠳᠤ ᠥᠢᠯᠡᠴᠢᠯᠡᠬᠦ》ᠲᠦᠰᠤᠯ ᠤᠨ ᠬᠡᠪᠯᠡᠯ ᠮᠡᠳᠡᠭᠡᠯᠡᠯ ᠤᠨ ᠬᠤᠷᠠᠯ ᠬᠦᠬᠡᠬᠤᠲᠠ ᠳᠤ ᠪᠤᠯᠪᠠ᠃

 ᠬᠤᠷᠠᠯ ᠡᠴᠡ ᠤᠶᠢᠯᠠᠭᠠᠬᠰᠠᠨ ᠢᠶᠡᠷ᠂ 2017 ᠤᠨ ᠤ 3 ᠰᠠᠷ᠎ᠠ ᠡᠴᠡ ᠡᠬᠢᠯᠡᠨ ᠥᠪᠦᠷ ᠮᠣᠩ᠋ᠭᠤᠯ ᠤᠨ ᠬᠦᠰᠡᠬᠦᠢ ᠮᠣᠩ᠋ᠭᠤᠯ ᠡᠮᠨᠡᠯᠭᠡ ᠨᠢ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ ᠡᠮᠡᠭᠲᠠᠶᠢᠴᠤᠳ ᠤᠨ ᠬᠤᠯᠪᠤᠭᠠᠲᠤ ᠬᠤᠷᠠᠯ᠂ ᠥᠪᠦᠷ ᠮᠣᠩ᠋ᠭᠤᠯ ᠤᠨ ᠮᠠᠯᠵᠢᠬᠤ ᠤᠷᠤᠨ ᠤ ᠨᠥᠬᠡᠴᠡ ᠪᠠᠶᠠᠯᠢᠬ ᠤᠨ ᠬᠠᠮᠳᠤ ᠶᠢᠨ ᠠᠵᠢᠯᠯᠠᠭᠠᠨ ᠤ ᠡᠪᠯᠡᠯ ᠵᠡᠷᠭᠡ ᠬᠤᠯᠪᠤᠭᠳᠠᠯ ᠪᠦᠬᠦᠢ ᠪᠠᠶᠢᠭᠤᠯᠤᠯᠭ᠎ᠠ ᠲᠠᠢ ᠬᠠᠮᠳᠤᠷᠠᠨ 《ᠡᠷᠡᠬᠦᠯ ᠮᠡᠨᠳᠤ ᠪᠡᠷ ᠶᠠᠳᠠᠭᠤ ᠶᠢ ᠳᠡᠳᠭᠦᠵᠤ ᠮᠠᠯᠵᠢᠬᠤ ᠤᠷᠤᠨ ᠳᠤ ᠥᠢᠯᠡᠴᠢᠯᠡᠬᠦ》ᠲᠦᠰᠤᠯ ᠢ ᠬᠡᠷᠡᠭᠵᠢᠭᠦᠯᠦᠭᠰᠡᠨ ᠪᠠᠶᠢᠨ᠎ᠠ᠃ ᠤᠳᠤ ᠪᠤᠯᠲᠠᠯ᠎ᠠ᠂ ᠳᠤᠰ ᠡᠮᠨᠡᠯᠬᠡ ᠨᠢ ᠳᠠᠪᠬᠤᠷᠳᠠᠬᠰᠠᠨ ᠲᠤᠭ᠎ᠠ ᠪᠡᠷ ᠨᠡᠶᠢᠳᠡ 16000 ᠭᠠᠷᠤᠢ ᠮᠠᠯᠴᠢᠳ ᠲᠤ ᠲᠦᠯᠦᠪᠦᠷᠢ ᠦᠬᠡᠢ ᠡᠷᠡᠬᠦᠯ ᠮᠡᠨᠳᠤ ᠶᠢᠨ ᠦᠵᠡᠯᠬᠡ ᠬᠠᠩ᠋ᠭᠠᠵᠡᠢ᠃

ᠬᠦᠰᠡᠬᠦᠢ ᠮᠣᠩ᠋ᠭᠤᠯ ᠡᠮᠨᠡᠯᠭᠡ ᠶᠢᠨ ᠡᠭᠦᠰᠬᠡᠨ ᠪᠠᠶᠢᠭᠤᠯᠤᠭᠴᠢ ᠪᠦᠬᠡᠰᠤᠳᠤ

 《ᠡᠷᠡᠬᠦᠯ ᠮᠡᠨᠳᠤ ᠶᠢᠨ ᠦᠵᠡᠯᠭᠡ ᠶᠢᠨ ᠳ᠋ᠦᠩᠨᠡᠯᠲᠠ ᠭᠠᠷᠤᠭᠰᠠᠨ ᠤ ᠳᠠᠷᠠᠭ᠎ᠠ ᠮᠠᠨ ᠤ ᠡᠮᠨᠡᠯᠭᠡ ᠲᠤᠰᠬᠠᠢ ᠡᠮᠴᠢᠯᠡᠬᠡᠨ ᠤ ᠪᠠᠭ ᠵᠣᠬᠢᠶᠠᠨ ᠪᠠᠶᠢᠭᠤᠯᠵᠤ᠂ᠦᠨᠳᠤᠰᠤᠨ ᠱᠠᠳᠤᠨ ᠤ ᠮᠠᠯᠴᠢᠳ ᠲᠤ ᠦᠵᠡᠯᠬᠡᠨ ᠤ ᠳ᠋ᠦᠩ ᠢ ᠨᠢ ᠨᠠᠷᠢᠨ ᠲᠠᠶᠢᠯᠪᠤᠷᠢᠯᠠᠵᠤ ᠦᠭ᠍ᠬᠦ ᠶᠢᠨ ᠬᠠᠮᠲᠤ ᠪᠠᠰᠠ ᠪᠦᠰᠡ ᠨᠤᠲᠤᠭ ᠤᠨ ᠴᠢᠨᠠᠷᠲᠠᠢ ᠡᠪᠡᠳᠴᠢᠨ  ᠤ ᠳᠠᠯ᠎ᠠ ᠪᠡᠷ ᠲᠠᠶᠢᠯᠪᠦᠷᠢᠯᠠᠵᠤ᠂ ᠡᠷᠡᠬᠦᠯ ᠮᠡᠨᠳᠤ ᠶᠢᠨ ᠵᠢᠯᠤᠳᠤᠭᠤᠯᠭ᠎ᠠ ᠦᠭᠳᠡᠭ᠃ ᠢᠩᠬᠢᠬᠦ ᠨᠢ ᠵᠠᠷᠢᠮ ᠮᠠᠯᠴᠢᠳ ᠤᠨ ᠡᠮᠴᠢᠯᠡᠬᠡᠨ ᠤ ᠲᠤᠰᠬᠠᠢ ᠨᠡᠷ᠎ᠡ ᠳᠤᠮᠢᠶ᠎ᠠ᠂ ᠡᠪᠡᠳᠴᠢᠨ ᠤ ᠬᠦᠨᠳᠤ ᠬᠦᠩᠬᠡᠨ ᠢ ᠤᠶᠢᠯᠠᠭᠠᠬᠤ ᠦᠬᠡᠢ ᠡᠴᠡ ᠪᠤᠯᠵᠤ ᠡᠷᠡᠬᠦᠯ ᠮᠡᠨᠳᠦ ᠪᠡᠨ ᠠᠩᠬᠠᠷᠬᠤ ᠦᠬᠡᠢ ᠶᠠᠪᠤᠬᠤ ᠡᠴᠡ ᠨᠢ ᠰᠡᠷᠭᠡᠶᠢᠯᠡᠭᠰᠡᠨ ᠶᠤᠮ》ᠬᠡᠵᠤ ᠬᠦᠰᠡᠬᠦᠢ ᠮᠣᠩ᠋ᠭᠤᠯ ᠡᠮᠨᠡᠯᠭᠡ ᠶᠢᠨ ᠡᠭᠦᠰᠬᠡᠨ ᠪᠠᠶᠢᠭᠤᠯᠤᠭᠴᠢ ᠪᠦᠬᠡᠰᠤᠳᠤ ᠶᠡᠷᠢᠭᠠᠳ᠂《ᠮᠠᠯᠴᠢᠳ ᠲᠤ ᠨᠡᠩ ᠢᠯᠡᠬᠦᠦ ᠳᠦᠬᠦᠮ ᠦᠵᠡᠬᠦᠯᠵᠦ᠂ ᠬᠠᠮᠤᠭ ᠤᠨ ᠴᠢᠨᠠᠷᠯᠢᠭ ᠮᠦᠷᠲᠡᠬᠡᠨ ᠲᠦᠷᠬᠡᠨ ᠡᠮᠴᠢᠯᠡᠬᠡᠨ ᠤ ᠥᠢᠯᠡᠴᠢᠯᠡᠬᠡ ᠬᠠᠩᠭ᠋ᠠᠬᠤ ᠨᠢ ᠮᠢᠨᠦ ᠤᠤᠯ ᠰᠠᠨᠠᠭ᠎ᠠ》ᠬᠡᠰᠡᠨ ᠪᠠᠶᠢᠨ᠎ᠠ᠃ 

 《ᠪᠢ ᠬᠠᠨᠢᠶᠠᠭᠠᠳ ᠤᠳᠠᠬᠰᠠᠨ᠂ ᠡᠮ ᠤᠤᠭᠤᠭᠰᠠᠨ ᠴᠤ ᠲᠤᠰᠡ ᠭᠠᠷᠤᠭᠰᠠᠨ ᠦᠬᠡᠢ᠃ ᠠᠵᠠ ᠪᠡᠷ ᠡᠨᠡᠬᠦ ᠡᠷᠡᠬᠦᠯ ᠮᠡᠨᠳᠤ ᠶᠢᠨ ᠲᠦᠯᠦᠪᠦᠷᠢ ᠦᠬᠡᠢ ᠦᠵᠡᠯᠬᠡ ᠳᠤ ᠤᠷᠤᠯᠴᠠᠵᠤ᠂ ᠪᠡᠶ᠎ᠠ ᠶᠢᠨ ᠮᠢᠨᠢ ᠴᠠᠭᠠᠨ ᠡᠰ ᠠᠷᠪᠢᠳᠴᠤ ᠪᠠᠶᠢᠬᠤ ᠶᠢ ᠮᠡᠳᠡᠭᠰᠡᠨ᠃ ᠢᠩᠬᠢᠭᠡᠳ ᠬᠦᠰᠡᠬᠦᠢ ᠮᠣᠩ᠋ᠭᠤᠯ ᠡᠮᠨᠡᠯᠬᠡ ᠶᠢᠨ ᠰᠠᠨᠠᠭᠤᠯᠭ᠎ᠠ ᠪᠡᠷ ᠬᠤᠯᠪᠤᠭᠳᠠᠯ ᠪᠦᠬᠦᠢ ᠡᠮᠨᠡᠯᠭᠡ ᠳᠤ ᠤᠴᠢᠵᠤ ᠡᠮᠴᠢᠯᠡᠭᠦᠯᠡᠭᠡᠳ ᠡᠪᠡᠳᠴᠢᠨ ᠤ ᠪᠠᠶᠢᠳᠠᠯ ᠢᠶᠡᠨ ᠲᠤᠭᠳᠠᠭᠤᠨ ᠪᠤᠯᠭᠠᠬᠰᠠᠨ ᠪᠠᠶᠢᠨ᠎ᠠ᠃ ᠡᠶᠢᠮᠦ ᠡᠴᠡ ᠪᠢ ᠬᠦᠰᠡᠬᠦᠢ ᠮᠣᠩ᠋ᠭᠤᠯ ᠡᠮᠨᠡᠯᠭᠡ ᠳᠤ ᠮᠠᠰᠢ ᠶᠡᠬᠡ ᠲᠠᠯᠠᠷᠬᠠᠵᠤ ᠪᠠᠶᠢᠨ᠎ᠠ᠂ ᠥᠷᠭᠡᠨ ᠤᠯᠠᠨ ᠮᠠᠯᠴᠢᠨ ᠲᠦᠮᠡᠨ ᠮᠠᠨᠢ ᠥᠪᠡᠷ ᠤᠨ ᠡᠷᠡᠬᠦᠯ ᠮᠡᠨᠳᠤ ᠶᠢᠨ ᠮᠡᠳᠡᠷᠡᠮᠵᠢ ᠪᠡᠨ ᠳᠡᠭᠡᠭ᠍ᠰᠢᠯᠡᠬᠦᠯᠤᠨ᠂ ᠪᠠᠶᠢᠩᠭ᠋ᠤ ᠦᠵᠡᠯᠬᠡ ᠬᠢᠯᠬᠡᠵᠤ ᠡᠷᠡᠬᠦᠯ ᠴᠢᠬᠢᠷᠠᠭ ᠶᠠᠪᠤᠭᠠᠰᠠᠢ!》 ᠬᠡᠵᠤ ᠦᠪᠦᠷ ᠮᠤᠩᠭ᠋ᠤᠯ ᠤᠨ ᠰᠦᠨᠢᠳ ᠵᠡᠬᠦᠨ ᠬᠤᠰᠢᠭᠤ ᠪᠡᠷ ᠨᠤᠲᠤᠭ ᠲᠠᠢ ᠬᠡᠰᠢᠭ᠍ᠲᠤᠭᠳᠠᠬᠤ ᠰᠤᠷᠪᠤᠯᠵᠢᠯᠠᠭ᠎ᠠ ᠬᠦᠯᠢᠶᠡᠬᠦ ᠳ᠋ᠡᠭᠡᠨ ᠶᠠᠷᠢᠨ᠎ᠠ᠃

 ᠡᠬᠦᠨ ᠡᠴᠡ ᠭᠠᠳᠠᠨ᠎ᠠ᠂ ᠥᠪᠦᠷ ᠮᠣᠩ᠋ᠭᠤᠯ ᠤᠨ ᠬᠦᠰᠡᠬᠦᠢ ᠮᠣᠩ᠋ᠭᠤᠯ ᠡᠮᠨᠡᠯᠭᠡ ᠨᠢ 《ᠤᠨᠢᠨ ᠳᠡᠭᠡᠷ᠎ᠠ ᠨᠢ ᠡᠷᠡᠬᠦᠯ ᠮᠡᠨᠳᠤ ᠪᠡᠷ ᠶᠠᠳᠠᠭᠤ ᠶᠢ ᠳᠡᠳᠭᠦᠬᠦ》᠂ 《ᠡᠪᠡᠳᠴᠢᠯᠡᠭᠰᠡᠨ ᠡᠴᠡ ᠪᠤᠯᠵᠤ ᠶᠠᠳᠠᠭᠤ ᠬᠦᠴᠢᠷᠳᠡᠯᠲᠠᠢ ᠪᠤᠯᠬᠤ》 ᠶᠢ ᠦᠬᠡᠶᠢᠰᠬᠡᠬᠦ ᠪᠡᠷ ᠤᠳᠤᠬᠢ ᠨᠦᠬᠦᠴᠡᠯ ᠬᠢᠬᠡᠳ ᠡᠬᠢᠨ ᠤ ᠦᠶ᠎ᠠ ᠶᠢᠨ ᠪᠤᠲᠠᠲᠠᠢ ᠠᠵᠢᠯᠯᠠᠭ᠎ᠠ ᠶᠢ ᠤᠶᠠᠯᠳᠤᠭᠤᠯᠤᠨ᠂ ᠬᠦᠳᠡᠭᠡ ᠲᠤᠰᠬᠤᠨ ᠮᠠᠯᠵᠢᠬᠤ ᠤᠷᠤᠨ ᠬᠢᠬᠡᠳ ᠦᠨᠳᠦᠰᠦᠨ ᠱᠠᠳᠤᠨ ᠤ ᠥᠢᠯᠡᠳᠪᠤᠷᠢᠯᠡᠯ ᠠᠮᠢᠳᠤᠷᠠᠯ ᠳᠤ ᠲᠤᠬᠢᠷᠠᠬᠰᠠᠨ 《ᠠᠰᠠᠷᠠᠬᠴᠢ ᠮᠠᠶ᠊ᠢᠭ ᠤᠨ ᠡᠷᠡᠭᠦᠯ ᠮᠡᠨᠳᠤ ᠶᠢᠨ ᠥᠢᠯᠡᠴᠢᠯᠡᠭᠡ》 ᠶᠢ ᠳᠤᠷᠠᠳᠴᠤ᠂ ᠡᠷᠡᠬᠦᠯ ᠮᠡᠨᠳᠤ ᠪᠡᠷ ᠮᠠᠯᠴᠢᠨ ᠳᠠᠷᠢᠶᠠᠴᠢᠳ ᠤᠨ ᠶᠠᠳᠠᠭᠤ ᠶᠢ ᠳᠡᠳᠭᠦᠬᠦ ᠠᠵᠢᠯᠯᠠᠭ᠎ᠠ ᠳᠤ ᠠᠰᠢᠬᠲᠠᠢ ᠬᠡᠪ ᠵᠠᠬᠪᠤᠷ ᠢ ᠬᠠᠩ᠋ᠭᠠᠬᠰᠠᠭᠠᠷ ᠢᠷᠡᠭᠰᠡᠨ ᠶᠤᠮ᠃


ᠢᠷᠡᠯᠳᠡ : 

ᠰᠢᠨᠬᠤᠧᠠ ᠮᠣᠩ᠋ᠭᠤᠯ ᠨᠧᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ