ᠬᠦᠬᠡᠬᠤᠲᠠ ᠶᠢᠨ 5 ᠰᠠᠷ᠎ᠠ ᠶᠢᠨ 24 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠸᠠᠩ ᠴᠦᠨ ᠶᠠᠨ) 24 ᠤ ᠡᠳᠦᠷ ᠳᠦᠷᠪᠡᠳᠡᠬᠢ ᠬᠤᠭᠤᠴᠠᠭᠠᠨ ᠤ《ᠺᠠᠢ ᠨᠸᠩ ᠴᠤᠮᠤ》ᠳᠤᠮᠳᠠᠳᠤ ᠶᠢᠨ ᠪᠠᠶᠢᠭᠠᠯᠢ ᠤᠷᠴᠢᠨ ᠢ ᠬᠠᠮᠠᠭᠠᠯᠠᠬᠤ ᠴᠦᠯ ᠤᠨ ᠦᠷᠢᠰᠦᠯᠳᠦᠭᠡᠨ ᠦᠪᠦᠷ ᠮᠤᠩᠭᠤᠯ ᠤᠨ ᠠᠯᠠᠱᠠ ᠠᠶᠢᠮᠠᠬ ᠤᠨ ᠬᠠᠷᠢᠶᠠᠨ ᠳᠡᠬᠢ ᠲᠡᠭᠷᠢ ᠡᠯᠡᠰᠦᠨ ᠳᠤ ᠨᠡᠭᠡᠭᠡᠯᠲᠡ ᠪᠠᠨ ᠬᠢᠪᠡ᠃ ᠡᠶᠢᠨᠬᠦ 300 ᠭᠠᠷᠤᠢ ᠦᠷᠢᠰᠦᠯᠳᠦᠭᠴᠢ 3 ᠡᠳᠦᠷ ᠤᠨ ᠬᠤᠭᠤᠴᠠᠭᠠᠨ ᠳᠤ 70 ᠺᠢᠯᠤᠮᠸᠲ᠋ᠷ ᠶᠠᠪᠠᠭᠠᠨ ᠠᠶᠠᠯᠠᠵᠦ ᠦᠷᠢᠰᠦᠯᠳᠦᠨ᠎ᠡ᠃

 ᠳᠦᠷᠢᠮ ᠢ ᠦᠨᠳᠦᠰᠦᠯᠡᠪᠡᠯ᠂ 300 ᠭᠠᠷᠤᠢ ᠦᠷᠢᠰᠦᠯᠳᠦᠭᠴᠢ 16 ᠪᠠᠬ ᠬᠤᠪᠢᠶᠠᠨ 3 ᠡᠳᠦᠷ ᠤᠨ ᠬᠤᠭᠤᠴᠠᠭᠠᠨ ᠳᠤ ᠲᠤᠰᠪᠦᠷᠢ 24 ᠺᠢᠯᠤᠮᠸᠲ᠋ᠷ᠂ 30 ᠺᠢᠯᠤᠮᠸᠲ᠋ᠷ ᠪᠤᠯᠤᠨ 16 ᠺᠢᠯᠤᠮᠸᠲ᠋ᠷ ᠶᠠᠪᠠᠭᠠᠨ ᠠᠶᠠᠯᠠᠨ᠎ᠠ᠃ ᠡᠭᠦᠨ ᠡᠴᠡ ᠪᠤᠰᠤᠳ 25 ᠤ ᠡᠳᠦᠷ ᠴᠦᠯ ᠤᠨ ᠭᠢᠯᠠᠰ ᠲᠡᠮᠡᠴᠡᠭᠡᠨ ᠶᠠᠪᠤᠭᠤᠯᠵᠦ᠂ ᠢᠯᠠᠬᠰᠠᠨ ᠪᠠᠬ ᠲᠤ ᠳᠦᠳᠡ ᠵᠠᠮ ᠤᠨ ᠺᠠᠷᠲ ᠤᠯᠭᠤᠨ᠂ ᠲᠤᠰ ᠺᠠᠷᠲ ᠢᠶᠡᠷ ᠪᠠᠬ ᠪᠦᠷᠢ ᠶᠢᠨ 2 ᠦᠷᠢᠰᠦᠯᠳᠦᠭᠴᠢ ᠭᠤᠷᠪᠠᠳᠤᠭᠠᠷ ᠡᠳᠦᠷ ᠤᠨ ᠦᠷᠢᠰᠦᠯᠳᠦᠭᠡᠨ ᠳᠤ 2 ᠺᠢᠯᠤᠮᠸᠲ᠋ᠷ ᠳᠤᠲᠠᠭᠤ ᠠᠶᠠᠯᠠᠬᠤ ᠪᠤᠯᠤᠨ᠎ᠠ᠃ ᠪᠠᠰᠠ ᠲᠦᠷᠦᠭᠦᠦ 2 ᠡᠳᠦᠷ ᠤᠨ ᠦᠷᠢᠰᠦᠯᠳᠦᠭᠡᠨ ᠳᠤ ᠶᠡᠷᠦᠩᠬᠡᠢ ᠬᠤᠪᠢ ᠪᠡᠷ ᠢᠶᠡᠨ ᠲᠦᠷᠦᠭᠦᠦ 8 ᠳᠤ ᠵᠢᠬᠰᠠᠬᠰᠠᠨ ᠪᠠᠬ ᠲᠤ 26 ᠤ ᠡᠳᠦᠷ ᠵᠤᠬᠢᠶᠠᠨ ᠪᠠᠶᠢᠭᠤᠯᠤᠬᠳᠠᠬᠤ ᠬᠤᠪᠢ ᠬᠦᠮᠦᠨ ᠤ ᠲᠡᠮᠡᠴᠡᠭᠡᠨ ᠳᠤ ᠦᠷᠢᠰᠦᠯᠳᠦᠭᠦᠯᠦᠭᠴᠢ ᠰᠤᠩᠭᠤᠨ ᠤᠷᠤᠯᠴᠠᠭᠤᠯᠬᠤ ᠡᠷᠬᠡ ᠵᠢ ᠤᠯᠭᠤᠨ᠎ᠠ᠃


ᠢᠷᠡᠯᠳᠡ : 

ᠰᠢᠨᠬᠤᠸᠠ ᠬᠤᠷᠢᠶ᠎ᠠ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ