2018 ᠤᠨ ᠤ ᠤᠯᠤᠰ ᠳᠠᠶᠠᠭᠠᠷ ᠤᠨ U20 ᠡᠷᠡᠭᠲᠡᠢ ᠶᠢᠨ ᠴᠢᠯᠦᠭᠡᠲᠤ ᠮᠠᠶ᠊ᠢᠬ ᠤᠨ ᠪᠦᠬᠡ ᠶᠢᠨ ᠮᠠᠩᠯᠠᠢ ᠰᠢᠯᠭᠠᠷᠠᠭᠤᠯᠬᠤ ᠲᠡᠮᠡᠴᠡᠭᠡᠨ 5 ᠰᠠᠷ᠎ ᠠ ᠶᠢᠨ 21 ᠡᠴᠡ 24 ᠤ ᠡᠳᠦᠷ ᠪᠤᠯᠲᠠᠯ᠎ᠠ ᠱᠠᠨᠳ᠋ᠦ᠋ᠩ ᠮᠤᠵᠢ ᠶᠢᠨ ᠯᠢᠶᠤᠤᠴᠸᠩ ᠬᠤᠲᠠ ᠳᠤ ᠪᠤᠯᠪᠠ᠃ ᠲᠡᠮᠡᠴᠡᠭᠡᠨ ᠳᠤ ᠤᠯᠤᠰ ᠳᠠᠶᠠᠭᠠᠷ ᠤᠨ 48 ᠲᠦᠯᠦᠭᠡᠯᠡᠬᠦ ᠪᠠᠬ ᠶᠢᠨ 476 ᠲᠠᠮᠢᠷᠴᠢᠳ ᠤᠷᠤᠯᠴᠠᠵᠠᠢ᠃

 ᠦᠪᠦᠷ ᠮᠤᠩᠭᠤᠯ ᠡᠴᠡ 14 ᠲᠠᠮᠢᠷᠴᠢᠨ 9 ᠠᠳᠠᠯᠢ ᠪᠤᠰᠤ ᠵᠢᠩ ᠤᠨ ᠲᠡᠮᠡᠴᠡᠭᠡᠨ ᠳᠤ ᠤᠷᠤᠯᠴᠬᠠᠰᠠᠨ ᠤ ᠡᠴᠦᠰ ᠲᠤ ᠨᠢᠭᠡ ᠠᠯᠲᠠᠨ ᠮᠸᠳ᠋ᠠᠯ᠂ ᠨᠢᠭᠡ ᠮᠦᠩᠭᠦᠨ ᠮᠸᠳ᠋ᠠᠯ ᠪᠠ ᠲᠠᠪᠤᠨ ᠬᠦᠷᠡᠯ ᠮᠸᠳ᠋ᠠᠯ ᠭᠠᠷᠳᠠᠵᠠᠢ᠃ ᠡᠭᠦᠨ ᠳᠤ ᠭᠠᠩᠰᠦ᠋ᠬᠡ 79 ᠺᠢᠯᠤᠭ᠍ᠷᠠᠮ ᠤᠨ ᠵᠢᠩ ᠳᠤ ᠲᠡᠷᠢᠭᠦᠯᠡᠵᠦ᠂ ᠪᠦᠬᠡᠡᠷᠳᠡᠨᠢ 125 ᠺᠢᠯᠤᠭ᠍ᠷᠠᠮ ᠤᠨ ᠵᠢᠩ ᠳᠤ ᠳᠡᠳ᠋ᠯᠡᠨ᠂ ᠬᠤᠩᠭᠤᠷᠵᠠᠶᠠᠭ᠎ᠠ 57 ᠺᠢᠯᠤᠭ᠍ᠷᠠᠮ ᠤᠨ ᠵᠢᠩ ᠳᠤ ᠭᠤᠷᠪᠠᠳᠤᠭᠠᠷ ᠲᠤ᠂ ᠲᠡᠭᠦᠰᠮᠡᠨᠳᠤ 61 ᠺᠢᠯᠤᠭ᠍ᠷᠠᠮ ᠤᠨ ᠵᠢᠩ ᠳᠤ ᠭᠤᠷᠪᠠᠳᠤᠭᠠᠷ ᠲᠤ᠂ ᠪᠦᠬᠡᠪᠤᠶᠠᠨ (ᠱᠠᠨᠰᠢ ᠶᠢᠨ ᠠᠩᠬᠢ ᠵᠢ ᠲᠦᠯᠦᠭᠡᠯᠡᠪᠡ)65 ᠺᠢᠯᠤᠭ᠍ᠷᠠᠮ ᠤᠨ ᠵᠢᠩ ᠳᠤ ᠭᠤᠷᠪᠠᠳᠤᠭᠠᠷ ᠲᠤ᠂ ᠵᠢᠷᠦᠬᠡ 70 ᠺᠢᠯᠤᠭ᠍ᠷᠠᠮ ᠤᠨ ᠵᠢᠩ ᠳᠤ ᠭᠤᠷᠪᠠᠳᠤᠭᠠᠷ᠂ ᠲᠠᠩᠬᠢᠰ 79 ᠺᠢᠯᠤᠭ᠍ᠷᠠᠮ ᠤᠨ ᠵᠢᠩ ᠳᠤ ᠭᠤᠷᠪᠠᠳᠤᠭᠠᠷ ᠲᠤ ᠲᠤᠰᠪᠦᠷᠢ ᠲᠤᠳᠤᠷᠠᠵᠦ ᠬᠦᠷᠡᠯ ᠮᠸᠳ᠋ᠠᠯ ᠠᠪᠴᠠᠢ᠃ ᠶᠡᠷᠦᠩᠬᠡᠢ ᠬᠤᠪᠢ ᠪᠡᠷ ᠦᠪᠦᠷ ᠮᠤᠩᠭᠤᠯ ᠤᠨ ᠲᠦᠯᠦᠭᠡᠯᠡᠬᠦ ᠪᠠᠬ ᠨᠢ ᠬᠤᠶᠠᠳᠤᠭᠠᠷ ᠲᠤ ᠵᠢᠬᠰᠠᠪᠠ᠃


ᠢᠷᠡᠯᠳᠡ : 

ᠦᠪᠦᠷ ᠮᠤᠩᠭᠤᠯ ᠤᠨ ᠮᠤᠩᠭᠤᠯ ᠤᠳᠤᠨ ᠲᠸᠯᠸᠢᠰ ᠤᠨ ᠸᠢᠴᠠᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ