ᠬᠦᠮᠦᠰ ᠡᠷᠡᠬᠦᠯ ᠢᠳᠡᠭᠡᠨ ᠢᠳᠡᠪᠡᠯ ᠪᠡᠶ᠎ᠠ ᠳᠤ ᠰᠠᠶᠢᠨ ᠢ ᠮᠡᠳᠡᠬᠦ ᠪᠤᠯᠪᠠᠴᠤ ᠤᠷᠳᠤ ᠬᠤᠭᠤᠴᠠᠭ᠎ᠠ ᠪᠠᠷᠢᠮᠳᠠᠯᠠᠵᠦ ᠢᠳᠡᠵᠤ ᠳᠡᠶᠢᠯᠬᠦ ᠬᠦᠮᠦᠨ ᠴᠦᠬᠡᠨ ᠶᠤᠮ᠃ ᠤᠭ ᠰᠢᠯᠳᠠᠭᠠᠨ ᠢ ᠬᠠᠶᠢᠪᠠᠯ ᠬᠠᠰᠢᠯᠠ ᠦᠨᠦᠷ ᠠᠮᠳᠠ ᠨᠢ ᠠᠨᠠᠢ ᠠᠴᠠ ᠪᠤᠯᠵᠠᠢ᠃ ᠹᠷᠠᠨᠼᠢ  ᠶᠢᠨ ᠰᠢᠨᠵᠢᠯᠡᠬᠦ ᠤᠬᠠᠭᠠᠨᠳᠠᠨ ᠶᠠᠭ ᠡᠨᠡᠬᠦ ᠠᠰᠠᠭᠤᠳᠠᠯ ᠢ ᠰᠢᠢᠳᠪᠦᠷᠢᠯᠡᠵᠦ ᠪᠤᠢ᠃ ᠰᠢᠨᠵᠢᠯᠡᠬᠦ ᠤᠬᠠᠭᠠᠨᠳᠠᠳ ᠢᠳᠡᠭᠡᠨ ᠤ ᠦᠨᠤᠷ ᠠᠮᠳᠠ ᠶᠢᠨ ᠬᠤᠯᠢᠮᠠᠭ ᠪᠤᠳᠠᠰ ᠢ ᠵᠠᠳᠠᠯᠵᠦ᠂ ᠲᠡᠭᠦᠨ ᠤ ᠳᠤᠳᠤᠷᠠᠬᠢ ᠠᠩᠬᠢᠯᠤᠮᠡᠯ ᠪᠦᠷᠢᠯᠳᠦᠬᠦᠨ ᠢ ᠨᠢ ᠳᠠᠪᠤᠰᠤ᠂ ᠰᠢᠬᠢᠷ ᠪᠠᠭᠠᠳᠠᠢ᠂ ᠦᠬᠡᠬᠦ ᠪᠠᠭᠠᠳᠠᠢ ᠢᠳᠡᠭᠡᠨ ᠳᠤ ᠠᠭᠤᠰᠬᠠᠵᠦ᠂ ᠡᠬᠦᠨ ᠤ ᠤᠯᠠᠮ ᠠᠴᠠ ᠶᠡᠭᠡ ᠲᠠᠷᠢᠬᠢ ᠶᠢ ᠳᠦᠬᠡᠷᠢᠭᠳᠡᠬᠦᠯᠵᠦ᠂ ᠰᠢᠬᠢᠷᠯᠢᠭ ᠪᠦᠭᠡᠳ ᠠᠮᠳᠠᠳᠠᠢ ᠰᠠᠨᠠᠭᠳᠠᠭᠤᠯᠬᠤ ᠪᠠᠷ ᠴᠢᠷᠮᠠᠶᠢᠵᠦ ᠪᠤᠢ᠃ ᠠᠩᠭ᠍ᠯᠢ ᠶᠢᠨ ᠰᠤᠨᠢᠨ ᠮᠡᠳᠡᠭᠡᠨ ᠳᠤ ᠮᠡᠳᠡᠭᠡᠯᠡᠭᠰᠡᠨ ᠢᠶᠠᠷ᠂ ᠤᠯᠠᠩᠬᠢ ᠬᠦᠮᠤᠰ ᠡᠷᠡᠬᠦᠯ ᠮᠡᠨᠳᠦ ᠢᠳᠡᠵᠦ ᠤᠤᠭᠤᠬᠤ ᠶᠢᠨ ᠴᠢᠬᠤᠯᠠ ᠴᠢᠨᠠᠷ ᠢ ᠮᠡᠳᠡᠬᠦ ᠪᠤᠯᠪᠠᠴᠤ ᠢᠳᠡᠭᠡᠨ ᠢ ᠠᠮᠳᠠ ᠤᠷᠤᠭᠤᠯᠵᠦ ᠴᠢᠳᠠᠳᠠᠭ  ᠨᠢ ᠳᠠᠪᠤᠰᠤ ᠳᠤᠰᠤ ᠰᠢᠬᠢᠷ ᠯᠡ ᠪᠠᠶᠢᠳᠠᠭ ᠬᠤᠶᠢᠨ᠎ᠠ ᠪᠠᠷᠢᠮᠳᠠᠯᠠᠵᠦ ᠦᠯᠦ ᠴᠢᠳᠠᠳᠠᠭ᠃ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠵᠠᠷᠢᠮ ᠵᠦᠢᠯ ᠤᠨ ᠠᠩᠬᠢᠯᠤᠮ᠎ᠠ ᠦᠨᠦᠷ ᠨᠢ ᠢᠳᠡᠭᠡᠨ ᠢ ᠠᠮᠳᠠᠯᠢᠭ ᠪᠤᠯᠭᠠᠳᠠᠭ ᠳᠤᠯᠠ ᠬᠦᠮᠦᠰ ᠢ ᠨᠡᠩ ᠢᠯᠡᠬᠦᠦ ᠳᠠᠳᠠᠬᠤ ᠬᠦᠴᠦᠨ ᠲᠠᠢ᠃ ᠡᠨᠡᠬᠦ ᠮᠡᠷᠭᠡᠵᠢᠯ ᠤᠨ ᠠᠩᠬ᠎ᠠ ᠠᠯᠬᠤᠮ ᠤᠨ ᠳᠤᠷᠰᠢᠴᠠ ᠨᠢ ᠦᠢᠯᠡᠳᠪᠦᠷᠢᠯᠡᠭᠴᠢ ᠶᠢ ᠢᠳᠡᠭᠡᠨ ᠤ ᠦᠨᠦᠷ ᠠᠮᠳᠠ᠂ ᠰᠢᠨᠵᠢ ᠴᠢᠨᠠᠷ ᠢ ᠨᠦᠯᠦᠬᠡᠯᠡᠬᠦ ᠦᠬᠡᠢ ᠪᠠᠶᠢᠳᠠᠯ ᠳᠤᠤᠷ᠎ᠠ ᠨᠡᠩ ᠢᠯᠡᠬᠦᠦ ᠡᠷᠡᠬᠦᠯ ᠮᠡᠨᠳᠦ ᠢᠳᠡᠭᠡᠨ ᠬᠢᠵᠦ ᠭᠠᠷᠭᠠᠵᠦ ᠳᠡᠶᠢᠯᠬᠦ ᠪᠤᠯᠭᠠᠨ᠎ᠠ᠃ ᠡᠬᠦᠨ  ᠤ ᠵᠡᠷᠭᠡᠪᠡᠷ ᠲᠡᠷᠡ ᠨᠢ ᠡᠷᠡᠬᠦᠯ ᠪᠤᠰᠤ ᠢᠳᠡᠭᠡᠨ ᠳᠤ ᠲᠤᠷ᠎ᠠ ᠪᠤᠯᠬᠢᠮ᠎ᠠ ᠦᠨᠦᠷ ᠠᠮᠳᠠ ᠤᠷᠤᠭᠤᠯᠵᠦ ᠬᠦᠮᠦᠰ ᠢ ᠠᠬᠢᠵᠦ ᠢᠳᠡᠬᠦ ᠲᠤᠷ᠎ᠠ ᠦᠬᠡᠢ ᠪᠤᠯᠭᠠᠬᠤ ᠪᠤᠯᠤᠮᠵᠢ ᠲᠠᠢ᠃

ᠢᠷᠡᠯᠳᠡ : 

ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠤᠯᠵᠢᠶ᠎ᠠ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ