ᠡᠩ ᠲᠡᠷᠢᠬᠦᠨ ᠳᠤ᠂ ᠡᠪᠡᠳᠴᠢᠨ ᠡᠮᠬᠡᠭ᠌ ᠤᠨ ᠬᠦᠴᠦᠨ ᠵᠦᠢᠯ ᠡᠴᠡ ᠪᠤᠯᠤᠭᠰᠠᠨ᠃ ᠵᠠᠷᠢᠮ ᠮᠡᠳᠡᠷᠡᠯ ᠤᠨ ᠴᠢᠨᠠᠷᠲᠠᠢ ᠡᠪᠡᠳᠴᠢᠨ᠂ ᠵᠢᠱᠢᠶᠡᠯᠡᠪᠡᠯ ᠵᠤᠪᠠᠨᠢᠬᠤ᠂ ᠰᠠᠨᠳᠤᠷᠬᠤ᠂ ᠪᠣᠬᠢᠨᠢᠳᠤᠬᠤ ᠵᠡᠷᠭᠡ; ᠡᠰᠡᠬᠦᠯ᠎ᠠ ᠡᠷᠭᠡᠲᠠᠨ ᠮᠠᠬᠠᠪᠤᠳ ᠤᠨ ᠡᠪᠡᠳᠴᠢᠨ᠂ ᠵᠢᠱᠢᠶᠡᠯᠡᠪᠡᠯ ᠵᠢᠷᠤᠬᠡᠨ ᠤ ᠡᠪᠡᠳᠴᠢᠨ᠂ ᠦᠶ᠎ᠠ ᠭᠡᠰᠢᠭᠦᠦ ᠶᠢᠨ ᠦᠷᠪᠢᠰᠦᠯ᠂ ᠫᠠᠷᠺᠢᠨᠰᠤᠨ ᠵᠡᠷᠭᠡ ᠡᠪᠡᠳᠴᠢᠨ ᠲᠠᠢ ᠪᠤᠶᠤ ᠵᠠᠷᠢᠮ ᠡᠮ ᠴᠤ ᠨᠤᠶᠢᠷ ᠢ ᠬᠠᠷᠰᠢᠯᠠᠬᠤ ᠮᠠᠭᠠᠳ᠃ ᠡᠬᠦᠨ ᠡᠴᠡ ᠭᠠᠳᠠᠨ᠎ᠠ᠂ ᠵᠠᠷᠢᠮ ᠨᠠᠰᠤᠲᠠᠶᠢᠴᠤᠳ ᠤᠨᠳᠠᠬᠤ ᠳᠤ ᠪᠡᠨ ᠮᠢᠨᠴᠦᠬᠦᠷᠡᠬᠦ᠂ ᠬᠠᠳᠬᠤᠯᠠᠬᠤ᠂ ᠬᠡᠰᠡᠭ ᠵᠠᠭᠤᠷ᠎ᠠ ᠶᠢᠨ ᠴᠢᠨᠠᠷᠲᠠᠢ ᠬᠦᠯ ᠤᠨ ᠰᠢᠷᠪᠦᠰᠤ ᠳᠠᠳᠠᠬᠤ ᠵᠡᠷᠭᠡ ᠡᠪᠡᠳᠴᠢᠨ ᠤ ᠢᠯᠡᠷᠡᠯ ᠲᠠᠢ᠂ ᠡᠳᠡᠭᠡᠷ ᠨᠢ ᠴᠦᠮ ᠨᠠᠰᠤᠳᠠᠶᠢᠴᠤᠳ ᠢ ᠨᠤᠶᠢᠷ ᠬᠤᠯᠵᠢᠭᠤᠯᠵᠤ ᠮᠡᠳᠡᠨ᠎ᠠ᠃

 ᠳᠠᠷᠠᠭᠠᠯᠠᠪᠠᠯ ᠹᠢᠽᠢᠤᠯᠤᠬᠢ ᠶᠢᠨ ᠬᠦᠴᠦᠨ ᠵᠦᠢᠯ ᠡᠴᠡ ᠪᠤᠯᠤᠭᠰᠠᠨ᠂ ᠭᠤᠤᠯᠳᠠᠭᠤ ᠨᠠᠰᠤᠲᠠᠶᠢᠴᠤᠳ ᠤᠨ ᠢᠯᠭᠠᠷᠠᠭᠤᠯᠬᠤ ᠮᠧᠯᠧᠲ᠋ᠤᠨᠢᠨ ᠪᠠᠭᠠᠰᠤᠬᠰᠠᠨ ᠡᠴᠡ ᠪᠤᠯᠪᠠ᠃ ᠮᠧᠯᠧᠲ᠋ᠤᠨᠢᠨ ᠰᠦᠨᠢ ᠢᠯᠭᠠᠷᠠᠬᠤ ᠨᠢ ᠨᠡᠮᠡᠭᠳᠡᠨ ᠪᠢᠳᠡᠨ ᠢ ᠬᠠᠮᠵᠢᠨ ᠡᠳᠦᠷ ᠰᠦᠨᠢ ᠶᠢ ᠢᠯᠭᠠᠭᠤᠯᠳᠠᠭ᠃ ᠬᠡᠪᠡᠴᠤ ᠬᠦᠮᠦᠰ ᠤᠨ ᠨᠠᠰᠤ ᠶᠠᠪᠤᠬᠤ ᠶᠢ ᠳᠠᠭᠠᠯᠳᠤᠨ ᠢᠯᠭᠠᠷᠠᠭᠤᠯᠬᠤ ᠮᠧᠯᠧᠲ᠋ᠤᠨᠢᠨ ᠪᠠᠭᠠᠰᠬᠤ ᠤᠴᠢᠷ ᠡᠴᠡ ᠬᠦᠮᠦᠨ ᠤ ᠪᠡᠶ᠎ᠠ ᠪᠠ ᠶᠡᠬᠡ ᠲᠡᠷᠢᠬᠢ ᠡᠳᠦᠷ ᠰᠦᠨᠢ ᠶᠢᠨ ᠢᠯᠭᠠᠯ ᠳᠤ ᠠᠭᠠᠵᠢᠮ ᠢᠶᠡᠷ  ᠪᠤᠶᠢᠳᠠᠨ ᠪᠤᠯᠤᠨ᠎ᠠ᠂ ᠡᠶᠢᠮᠦ ᠡᠴᠡ ᠨᠠᠰᠤᠲᠠᠶᠢᠴᠤᠳ ᠤᠨ ᠤᠨᠳᠠᠬᠤ ᠨᠢ ᠵᠣᠷᠰᠢᠮᠡᠯ ᠪᠤᠰᠤ ᠪᠤᠯᠳᠠᠭ ᠪᠢᠯᠡ᠃


ᠢᠷᠡᠯᠳᠡ : 

ᠰᠢᠨᠬᠤᠧᠠ ᠨᠧᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ