ᠤᠳᠤᠬᠠᠨ ᠤ ᠲᠦᠷᠭᠡᠨ ᠠᠶᠢᠵᠠᠮᠳᠤ ᠠᠮᠢᠳᠤᠷᠠᠯ ᠠᠴᠠ ᠪᠤᠯᠵᠤ ᠬᠦᠮᠦᠰ ᠦᠷᠯᠦᠭᠡᠨ ᠤ ᠬᠤᠭᠤᠯᠠ ᠶᠢ ᠶᠠᠪᠤᠬᠤ ᠳᠤᠰᠤᠮ ᠤᠮᠳᠤᠭᠠᠢᠢᠯᠠᠬᠤ ᠪᠤᠯᠪᠠ᠃ ᠭᠡᠪᠡᠴᠤ᠂ ᠦᠷᠬᠦᠯᠵᠢ ᠦᠷᠯᠦᠭᠡᠨ ᠤ ᠬᠤᠭᠤᠯᠠ ᠪᠠᠨ ᠢᠳᠡᠬᠦ ᠦᠭᠡᠢ ᠪᠤᠯ ᠰᠦᠰᠦᠨ ᠤ ᠰᠢᠩᠭᠡᠨ ᠦᠳᠭᠡᠷᠡᠨ ᠴᠢᠯᠠᠭᠤᠵᠢᠳᠠᠬ᠃

    ᠰᠦᠰᠦ ᠭᠡᠪᠡᠯᠢ ᠶᠢᠨ ᠪᠠᠷᠠᠭᠤᠨ ᠲᠡᠭᠡᠷ᠎ᠡ ᠳᠠᠯ᠎ᠠ ᠳᠤ ᠡᠯᠢᠭᠡ ᠶᠢ ᠨᠠᠭᠠᠯᠳᠤᠨ ᠤᠷᠤᠰᠢᠳᠠᠭ᠃ ᠰᠦᠰᠦ ᠨᠢ ᠰᠦᠰᠦᠨ ᠤ ᠤᠭᠤᠳᠠ ᠶᠢᠨ ᠭᠤᠤᠷᠰᠤ ᠪᠠ ᠰᠦᠰᠦᠨ ᠤ ᠶᠡᠷᠦᠩᠭᠡᠢ ᠭᠤᠤᠷᠰᠤᠨ ᠤ ᠨᠡᠪᠳᠡᠷᠡᠬᠦ ᠳᠤ ᠲᠦᠰᠢᠭᠯᠡᠨ ᠰᠦᠰᠦᠨ ᠤ ᠰᠢᠩᠭᠡᠨ ᠢ ᠵᠤᠬᠢᠴᠠᠭᠤᠯᠤᠨ ᠤᠷᠤᠰᠬᠠᠬᠤ ᠦᠢᠯᠡᠳᠦᠯ ᠲᠠᠢ ᠪᠦᠬᠡᠳ ᠤᠰᠤᠨ ᠴᠦᠬᠦᠷᠦᠮ ᠰᠢᠭ᠌ ᠢᠶᠠᠷ ᠬᠦᠮᠦᠨ ᠦᠯᠦᠰᠬᠦ ᠦᠶᠡᠰ ᠡᠯᠢᠭᠡᠨ ᠠᠴᠠ ᠱᠦᠬᠦᠷᠡᠭᠰᠡᠨ ᠰᠦᠰᠦᠨ ᠤ ᠰᠢᠩᠭᠡᠨ ᠢ ᠬᠤᠷᠢᠶᠠᠨ ᠬᠠᠳᠠᠭᠠᠯᠠᠵᠤ᠂ ᠬᠤᠭᠤᠯᠠ ᠢᠳᠡᠬᠦ᠂ ᠢᠯᠠᠩ᠋ᠭᠤᠶ᠎ᠠ ᠦᠭᠡᠬᠦ ᠳᠤᠰᠤ ᠶᠡᠭᠡᠲᠠᠢ ᠢᠳᠡᠭᠡᠨ ᠢᠳᠡᠭᠰᠡᠨ ᠤ ᠳᠠᠷᠠᠭ᠎ᠠ᠂ ᠰᠦᠰᠦᠨ ᠤ ᠰᠢᠩᠭᠡᠨ ᠰᠦᠰᠦᠨ ᠤ ᠤᠭᠤᠳᠠ ᠶᠢᠨ ᠭᠤᠤᠷᠰᠤ ᠪᠠ ᠰᠦᠰᠦᠨ ᠤ ᠶᠡᠷᠦᠩᠭᠡᠢ ᠭᠤᠤᠷᠰᠤ ᠪᠠᠷ ᠳᠠᠮᠵᠢᠨ ᠠᠷᠪᠠᠨ ᠬᠤᠶᠠᠷ ᠬᠤᠷᠤᠭᠤ ᠭᠡᠳᠡᠰᠦᠨ ᠳᠤ ᠤᠷᠤᠭᠠᠳ ᠢᠳᠡᠭᠡᠨ ᠢ ᠰᠢᠩᠭᠡᠭᠡᠬᠦ ᠳᠤ ᠤᠷᠤᠯᠴᠠᠳᠠᠭ᠃

    ᠰᠦᠨᠢ ᠰᠦᠰᠦᠨ ᠤ ᠰᠢᠩᠭᠡᠨ ᠮᠦᠨ ᠯᠡ ᠱᠦᠬᠦᠷᠡᠵᠤ᠂ ᠰᠦᠰᠦᠨ ᠤ ᠤᠭᠤᠳᠠᠨ ᠳᠤ ᠬᠠᠳᠠᠭᠠᠯᠠᠭᠳᠠᠨ᠂ ᠦᠷᠯᠦᠭᠡ ᠬᠤᠭᠤᠯᠠ ᠢᠳᠡᠪᠡᠯ ᠰᠦᠰᠦᠨ ᠤ ᠤᠭᠤᠳᠠ ᠶᠢᠨ ᠰᠢᠩᠭᠡᠨ ᠱᠦᠬᠦᠷᠡᠬᠦᠯᠬᠦ ᠳᠤ ᠰᠠᠳᠠᠯᠳᠠ ᠪᠤᠯᠳᠠᠭ᠃ ᠭᠡᠷᠪᠡ ᠦᠷᠯᠦᠭᠡᠨ ᠤ ᠬᠤᠭᠤᠯᠠ ᠢᠳᠡᠬᠦ ᠦᠭᠡᠢ ᠪᠤᠯ ᠰᠦᠰᠦᠨ ᠤ ᠰᠢᠩᠭᠡᠨ ᠰᠦᠰᠦᠨ ᠤ ᠤᠭᠤᠳᠠᠨ ᠳᠤ ᠤᠳᠠᠭᠠᠨ ᠬᠠᠳᠠᠭᠠᠯᠠᠭᠳᠠᠵᠤ᠂ ᠳᠤᠳᠤᠷᠠᠬᠢ ᠰᠦᠰᠦᠨ ᠤ ᠭᠤᠤᠨᠠᠨ ᠠᠯᠺᠤᠤᠯ ᠮᠡᠳᠦ ᠶᠢᠨ ᠳᠠᠯᠠᠰᠳᠤ ᠨᠢ ᠠᠭᠠᠵᠢᠮ ᠢᠶᠠᠷ ᠰᠦᠰᠦᠨ ᠤ ᠤᠭᠤᠳᠠ ᠶᠢᠨ ᠬᠠᠨᠠᠨ ᠲᠡᠭᠡᠷ᠎ᠡ ᠨᠠᠭᠠᠯᠳᠤᠭᠠᠳ ᠡᠳᠦᠷ ᠤᠨ ᠤᠳᠠᠭᠠᠨ ᠳᠠᠭᠠᠨ ᠴᠢᠯᠠᠭᠤᠵᠢᠳᠠᠭ᠃ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠦᠷᠯᠦᠭᠡ ᠶᠢᠨ ᠬᠤᠭᠤᠯᠠ ᠪᠠᠨ ᠢᠳᠡᠭᠰᠡᠳ ᠤᠨ ᠰᠦᠰᠦᠨ ᠤ ᠰᠢᠩᠭᠡᠨ ᠨᠢ ᠳᠤᠪ ᠳᠤᠩ᠋ᠭᠠᠯᠠᠬ ᠪᠠᠶᠢᠬᠤ ᠳᠤ ᠦᠷᠯᠦᠭᠡᠨ ᠤ ᠬᠤᠭᠤᠯᠠ ᠢᠳᠡᠳᠡᠭ ᠦᠭᠡᠢ ᠬᠦᠮᠦᠨ ᠤ ᠬᠢ ᠬᠠᠷᠢᠨ ᠦᠳᠭᠡᠨ᠂ ᠪᠤᠯᠠᠩᠬᠢᠷ ᠲᠠᠢ ᠪᠠᠶᠢᠳᠠᠭ᠃

    ᠰᠦᠰᠦᠨ ᠤ ᠴᠢᠯᠠᠭᠤᠵᠢᠯ ᠨᠢ ᠰᠦᠰᠦᠨ ᠤ ᠤᠭᠤᠳᠠ ᠶᠢᠨ ᠭᠤᠤᠷᠰᠤᠨ ᠲᠡᠭᠡᠷ᠎ᠡ ᠳᠤᠷᠴᠤ ᠪᠠᠶᠢᠬᠤ ᠦᠶᠡᠰ ᠰᠦᠰᠦᠨ ᠳᠤ ᠪᠠᠺᠲ᠋ᠧᠷᠢ ᠦᠷᠡᠵᠢᠨ ᠦᠷᠪᠢᠰᠦᠯᠡᠵᠦ᠂ ᠲᠦᠷᠭᠡᠨ ᠴᠢᠨᠠᠷᠳᠠᠢ ᠰᠦᠰᠦᠨ ᠤ ᠤᠭᠤᠳᠠ ᠶᠢᠨ ᠦᠷᠪᠢᠰᠦᠯ ᠪᠤᠯᠳᠠᠭ᠃ ᠴᠢᠯᠠᠭᠤᠵᠢᠯ ᠨᠢ ᠰᠦᠰᠦᠨ ᠤ ᠭᠤᠤᠷᠰᠤ ᠪᠠᠷ ᠳᠤᠷᠤᠭᠰᠢ ᠰᠦᠰᠦᠨ ᠤ ᠶᠡᠷᠦᠩᠭᠡᠢ ᠭᠤᠤᠷᠰᠤᠨ ᠳᠤ ᠤᠷᠤᠭᠠᠳ ᠳᠤᠷᠴᠤ᠂ ᠭᠡᠳᠡᠰᠦᠨ ᠳᠤ ᠤᠷᠤᠵᠤ ᠲᠡᠶᠢᠯᠬᠦ ᠦᠭᠡᠢ ᠪᠤᠯᠬᠤ ᠦᠶᠡᠰ ᠲᠦᠷᠭᠡᠨ ᠴᠢᠨᠠᠷᠳᠠᠢ ᠰᠦᠰᠦᠨ ᠤ ᠭᠤᠤᠷᠰᠤ ᠶᠢᠨ ᠦᠷᠪᠢᠰᠦᠯ ᠪᠠ ᠨᠦᠢᠷ ᠤᠨ ᠪᠤᠯᠴᠢᠷᠬᠠᠢ ᠶᠢᠨ ᠦᠷᠪᠢᠰᠦᠯ ᠪᠤᠯᠵᠤ᠂ ᠴᠢᠨᠠᠬᠰᠢᠯᠠᠪᠠᠯ ᠠᠮᠢ ᠨᠠᠰᠤᠨ ᠳᠤ ᠠᠶᠤᠯ ᠪᠤᠯᠳᠠᠭ᠃


ᠢᠷᠡᠯᠳᠡ : 

ᠲᠤᠮᠳᠠᠳᠤ ᠤᠯᠤᠰ ᠤᠨ ᠮᠤᠩᠭ᠋ᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ     

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ