ᠰᠠᠪᠬ᠎ᠠ ᠪᠤᠯ ᠪᠠᠺᠲ᠋ᠸᠷᠢ ᠦᠷᠡᠵᠢᠬᠦ ᠴᠢᠬᠤᠯᠠ ᠵᠠᠮ ᠤᠨ ᠨᠢᠭᠡ ᠪᠤᠯᠤᠨ᠎ᠠ᠃ ᠪᠤᠲᠠᠲᠤ ᠠᠮᠢᠲᠤᠷᠠᠯ ᠤᠨ ᠲᠤᠮᠲᠠ ᠤᠯᠠᠩᠬᠢ ᠭᠡᠷ ᠪᠦᠯᠢ ᠶᠢᠨ ᠬᠢᠨ ᠰᠠᠪᠬ᠎ᠠ ᠪᠠᠨ ᠢᠯᠭᠠᠨ ᠰᠠᠯᠭᠠᠲᠠᠭ ᠦᠭᠡᠢ ᠮᠦᠷᠲᠡᠭᠡᠨ ᠤᠬᠢᠶᠠᠬᠤ ᠠᠷᠭ᠎ᠠ ᠬᠡᠯᠪᠡᠷᠢ ᠨᠢ ᠴᠤ ᠤᠨᠤᠪᠴᠢᠲᠠᠢ ᠪᠢᠰᠢ ᠪᠠᠢᠢᠲᠠᠭ᠃ ᠬᠡᠷᠪᠡ ᠡᠢᠢᠮᠦᠷᠬᠦᠦ ᠰᠠᠪᠬ᠎ᠠ ᠶᠢ ᠤᠲᠠᠭᠠᠨ ᠬᠡᠷᠡᠭᠯᠡᠬᠦ ᠳ᠋ᠤ ᠬᠦᠷᠪᠡᠯ ᠰᠢᠩᠭᠡᠭᠡᠯᠲᠡ ᠶᠢᠨ ᠵᠠᠮ ᠤᠨ ᠡᠪᠡᠳᠴᠢᠨ ᠳ᠋ᠤ ᠬᠢᠯᠪᠠᠷᠬᠠᠨ ᠨᠡᠷᠪᠡᠭ᠍ᠲᠡᠬᠦ ᠪᠤᠯᠤᠨ᠎ᠠ᠃

 ᠲᠡᠭᠡᠪᠡᠯ᠂ ᠶᠠᠮᠠᠷ ᠰᠠᠪᠬ᠎ᠠ ᠬᠡᠷᠡᠭᠯᠡᠪᠡᠯ ᠬᠠᠮᠤᠭ ᠡᠴᠡ ᠡᠷᠡᠭᠦᠯ ᠴᠢᠬᠢᠷᠠᠭ ᠪᠠᠢᠢᠲᠠᠭ ᠪᠤᠢ? ᠭᠡᠪᠡᠯ ᠬᠠᠮᠤᠭ ᠤᠨ ᠰᠠᠢᠢᠨ ᠨᠢ ᠬᠤᠯᠤᠰᠤᠨ ᠰᠠᠪᠬ᠎ᠠ ᠪᠤᠯᠤᠨ᠎ᠠ᠃ ᠲᠡᠷᠡ ᠨᠢ ᠬᠤᠤᠷ ᠦᠭᠡᠢ ᠮᠦᠷᠲᠡᠭᠡᠨ ᠤᠷᠴᠢᠨ ᠲᠤᠭᠤᠷᠢᠨ ᠤ ᠬᠠᠮᠠᠭᠠᠯᠠᠯᠲᠠ ᠳ᠋ᠤ ᠴᠤ ᠠᠰᠢᠭᠲᠠᠢ ᠪᠠᠢᠢᠵᠤ᠂ ᠦᠨ᠎ᠡ ᠨᠢ ᠴᠤ ᠬᠢᠮᠲᠠᠬᠠᠨ ᠪᠠᠢᠢᠲᠠᠭ᠃

 ᠲᠠᠷᠠᠭ᠎ᠠ ᠨᠢ᠂ ᠦᠩᠭᠡ ᠪᠤᠲᠤᠭ ᠦᠭᠡᠢ ᠮᠤᠲᠤᠨ ᠰᠠᠪᠬ᠎ᠠ ᠶᠢ ᠰᠤᠩᠭ᠋ᠤᠵᠤ ᠬᠡᠷᠡᠭᠯᠡᠨ᠎ᠡ᠃ ᠲᠡᠲᠡᠭᠡᠷ ᠡᠯᠲᠡᠪ ᠦᠩᠭᠡ ᠶᠢᠨ ᠰᠢᠷ ᠪᠤᠲᠤᠭ ᠲᠠᠢ ᠰᠠᠪᠬ᠎ᠠ᠂ ᠰᠦᠯᠢᠶᠤᠤ ᠰᠠᠪᠬ᠎ᠠ ᠶᠢ ᠬᠡᠷᠡᠭᠯᠡᠬᠦ ᠦᠭᠡᠢ ᠪᠠᠢᠢᠪᠠᠯ ᠵᠤᠬᠢᠨ᠎ᠠ᠃ ᠡᠭᠦᠨ ᠡᠴᠡ ᠭᠠᠲᠠᠨ᠎ᠠ ᠭᠤᠶᠤ ᠰᠠᠢᠢᠬᠠᠨ ᠮᠦᠩᠭᠦᠨ ᠰᠠᠪᠬ᠎ᠠ᠂ ᠲᠡᠮᠦᠷ ᠰᠠᠪᠬ᠎ᠠ᠂ ᠱᠠᠭᠠᠵᠠᠩ ᠰᠠᠪᠬ᠎ᠠ ᠵᠡᠷᠭᠡ ᠨᠢ ᠦᠵᠡᠬᠦ ᠳ᠋ᠤ ᠭᠤᠶᠤ ᠪᠤᠯᠪᠠᠴᠦ ᠬᠡᠷᠡᠭᠯᠡᠬᠦ ᠳ᠋ᠤ ᠬᠦᠨᠳᠦ ᠮᠦᠷᠲᠡᠭᠡᠨ ᠬᠠᠯᠠᠭᠤᠨ ᠢᠲᠡᠭᠡᠨ ᠢᠲᠡᠪᠡᠯ ᠤᠷᠤᠭᠤᠯ ᠶᠢᠡᠨ ᠬᠠᠯᠠᠭᠠᠵᠤ ᠮᠡᠳᠡᠨ᠎ᠡ᠃

 ᠰᠠᠪᠬ᠎ᠠ ᠶᠢ ᠵᠢᠪᠠᠷ ᠨᠡᠪᠲᠡᠷᠡᠬᠦ ᠬᠠᠭᠤᠷᠠᠢ ᠭᠠᠵᠠᠷ ᠲᠠᠯᠪᠢᠵᠤ᠂ ᠬᠠᠮᠤᠭ ᠰᠠᠢᠢᠨ ᠨᠢ ᠭᠤᠷᠪᠠᠨ ᠰᠠᠷ᠎ᠠ ᠡᠴᠡ ᠬᠠᠭᠠᠰ ᠵᠢᠯ ᠳ᠋ᠤ ᠨᠢᠭᠡ ᠤᠲᠠᠭ᠎ᠠ ᠰᠤᠯᠢᠵᠤ ᠪᠠᠢᠢᠪᠠᠯ ᠵᠤᠬᠢᠨ᠎ᠠ᠃


ᠢᠷᠡᠯᠳᠡ : 

 ᠰᠢᠨᠬᠤᠸᠠ ᠮᠤᠩᠭ᠋ᠤᠯ ᠨᠸᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ