ᠠᠩᠭ᠍ᠯᠢ ᠶᠢᠨ 《ᠡᠳᠦᠷ ᠪᠦᠷᠢ ᠶᠢᠨ ᠴᠠᠬᠢᠯᠭᠠᠨ ᠮᠡᠳᠡᠭᠡ》 (The Daily Telegraph) ᠨᠧᠲ ᠤᠨ 2 ᠰᠠᠷ᠎ᠠ ᠶᠢᠨ 22 ᠤᠨ ᠡᠳᠦᠷ ᠤᠨ ᠮᠡᠳᠡᠭᠡ᠂ ᠲᠡᠪᠴᠢᠶᠡᠷᠢ ᠲᠠᠢ ᠪᠠᠶᠢᠬᠤ ᠪᠤᠯ ᠰᠠᠶᠢᠬᠠᠨ ᠵᠠᠩ ᠭᠡᠵᠦ ᠬᠦᠮᠦᠰ ᠬᠡᠯᠡᠯᠴᠡᠳᠡᠭ᠃ ᠭᠡᠪᠡᠴᠦ ᠲᠡᠪᠴᠢᠶᠷᠢ ᠲᠠᠢ ᠪᠠᠶᠢᠬᠤ ᠨᠢ ᠬᠦᠮᠦᠨ ᠢ ᠨᠡᠩ ᠤᠷᠲᠦ ᠨᠠᠰᠤᠯᠠᠭᠤᠯᠤᠨ᠎ᠠ ᠭᠡᠰᠡᠨ ᠳ᠋ᠦ᠋ᠩ ᠢ ᠰᠡᠭᠦᠯ ᠤᠨ ᠦᠶ᠎ᠠ ᠶᠢᠨ ᠰᠤᠳᠤᠯᠭᠠᠨ ᠬᠡᠷᠡᠴᠢᠯᠡᠵᠠᠢ᠃

 ᠡᠨᠡᠬᠦ ᠰᠤᠳᠤᠯᠭᠠᠨ ᠤ ᠳ᠋ᠦ᠋ᠩ ᠨᠢᠭᠡ ᠰᠢᠨ᠎ᠠ ᠪᠤᠯᠤᠮᠵᠢ ᠶᠢ ᠡᠭᠦᠳᠴᠠᠢ᠃ ᠳᠠᠷᠤᠢ ᠲᠡᠪᠴᠢᠶᠡᠷᠢ ᠦᠭᠡᠢ ᠬᠦᠮᠦᠰ ᠡᠮ ᠲᠠᠩ ᠤᠤᠭᠤᠬᠤ ᠵᠡᠷᠭᠡ ᠠᠷᠭ᠎ᠠ ᠠᠪᠴᠠᠯ ᠢᠶᠡᠷ ᠦᠳᠡᠯᠬᠦ ᠬᠤᠷᠳᠤᠴᠠ ᠪᠠᠨ ᠤᠳᠠᠭᠠᠰᠢᠷᠠᠭᠤᠯᠵᠦ ᠪᠤᠯᠤᠨ᠎ᠠ᠃

 ᠬᠦᠮᠦᠨ ᠤ ᠲᠡᠪᠴᠢᠶᠡᠷᠢ ᠲᠠᠢ ᠡᠰᠡᠬᠦ ᠶᠢ ᠲᠡᠩᠰᠡᠬᠦ ᠶᠢᠨ ᠲᠦᠯᠦᠭᠡ ᠰᠢᠨᠵᠢᠯᠡᠬᠦ ᠤᠬᠠᠭᠠᠨᠳᠠᠨ 1100 ᠤᠶᠦᠳᠠᠳ ᠲᠠᠢ ᠨᠢᠭᠡ ᠳᠤᠭᠯᠠᠭᠠᠮ ᠬᠢᠵᠠᠢ᠃ ᠲᠡᠳᠡᠨ ᠢ ᠪᠠᠷᠢᠨ ᠨᠢᠭᠡ ᠪᠦᠯᠦᠭ ᠵᠤᠭᠤᠰ ᠠᠪᠬᠤ ᠪᠠ ᠬᠡᠰᠡᠭ ᠬᠤᠭᠤᠴᠠᠭ᠎ᠠ ᠦᠩᠭᠡᠷᠡᠭᠡᠳ ᠨᠡᠩ ᠠᠷᠪᠢᠨ ᠵᠤᠭᠤᠰ ᠠᠪᠬᠤ ᠶᠢᠨ ᠳᠤᠮᠳᠠ ᠡᠴᠡ ᠰᠤᠩᠭ᠋ᠤᠯᠳᠠ ᠬᠢᠯᠭᠡᠵᠠᠢ᠃

 ᠲᠤᠭᠯᠠᠭᠠᠮ ᠳᠤ ᠤᠷᠤᠯᠴᠠᠭᠰᠠᠨ ᠤᠶᠦᠳᠠᠳ ᠰᠤᠩᠭ᠋ᠤᠯᠳᠠ ᠬᠢᠭ᠍ᠰᠡᠨ ᠤ ᠳᠠᠷᠠᠭ᠎ᠠ ᠰᠤᠳᠤᠯᠭᠠᠳᠠᠳ ᠡᠴᠡ ᠳᠡᠳᠡᠨ ᠤ ᠴᠢᠰᠤᠨ ᠳᠤ ᠪᠠᠶᠢᠴᠠᠭᠠᠯᠳᠠ ᠬᠢᠵᠦ᠂ ᠪᠤᠳᠤᠭᠳᠤ ᠴᠤᠭᠴᠠ ᠶᠢᠨ ᠦᠵᠦᠭᠦᠷ ᠮᠦᠬᠦᠯᠢᠭ᠌ (ᠲᠦᠷ ᠤᠷᠴᠢᠭᠤᠯᠭ᠎ᠠ᠂ ᠠᠩᠭ᠍ᠯᠢ ᠤᠭ ᠨᠢ Telomeres) ᠤᠨ ᠤᠷᠲᠦ ᠶᠢ ᠬᠡᠮᠵᠢᠵᠠᠢ᠃ ᠦᠵᠦᠭᠦᠷ ᠮᠦᠬᠦᠯᠢᠭ᠌ ᠪᠤᠯ ᠪᠤᠲᠤᠭᠲᠦ ᠴᠤᠭᠴᠠ ᠶᠢᠨ ᠬᠠᠮᠠᠭᠠᠯᠠᠭᠴᠢ ᠪᠦᠭᠡᠳ ᠤᠨ ᠴᠠᠭ ᠤᠨ ᠦᠩᠭᠡᠷᠡᠬᠦ ᠶᠢ ᠳᠠᠭᠠᠯᠳᠤᠨ ᠠᠭᠠᠵᠢᠮ ᠢᠶᠡᠷ ᠪᠤᠭᠤᠨᠢᠰᠴᠦ ᠡᠴᠦᠰ ᠲᠡᠭᠡᠨ ᠡᠯᠡᠭᠳᠡᠵᠦ ᠳᠠᠭᠤᠰᠳᠠᠭ᠃ ᠡᠶᠢᠮᠦ ᠡᠴᠡ ᠡᠨᠡᠬᠦ ᠪᠤᠳᠠᠰ ᠢᠶᠡᠷ ᠬᠦᠮᠦᠨ ᠤ ᠦᠳᠡᠯᠬᠦ ᠬᠤᠷᠳᠤᠴᠠ ᠶᠢ ᠬᠡᠮᠵᠢᠬᠦ ᠵᠢᠭᠠᠯᠳᠠ ᠲᠤᠭ᠎ᠠ ᠪᠤᠯᠭᠠᠵᠦ ᠪᠤᠯᠤᠨ᠎ᠠ᠃

 ᠵᠤᠭᠤᠰ ᠢ ᠪᠠᠷᠢᠨ ᠳᠤᠤᠷ᠎ᠠ ᠨᠢ ᠠᠪᠤᠭᠰᠠᠨ ᠰᠤᠷᠤᠭᠴᠢ ᠶᠢᠨ ᠦᠵᠦᠭᠦᠷ ᠮᠦᠬᠦᠯᠢᠭ᠌ ᠨᠢ ᠪᠤᠭᠤᠨᠢ᠃ ᠡᠨᠡ ᠨᠢ ᠳᠡᠳᠡᠨ ᠨᠠᠷ ᠤᠨ ᠲᠦᠷᠦᠯᠬᠢ ᠲᠡᠪᠴᠢᠶᠡᠷᠢ ᠦᠭᠡᠢ ᠭᠡᠳᠡᠭ ᠢ ᠬᠠᠷᠠᠭᠤᠯᠤᠭᠰᠠᠨ ᠲᠡᠳᠦᠢ ᠦᠭᠡᠢ ᠠᠮᠢ ᠨᠠᠰᠤ ᠨᠢ ᠴᠤ ᠤᠬᠤᠷ ᠪᠤᠯᠬᠤ ᠪᠤᠯᠤᠮᠵᠢ  ᠲᠠᠢ ᠭᠡᠵᠦ ᠰᠢᠨᠵᠢᠯᠡᠬᠦ ᠤᠬᠠᠭᠠᠨᠳᠠᠨ ᠰᠤᠳᠤᠯᠭᠠᠨ ᠢᠶᠡᠷ ᠭᠡᠷᠡᠴᠢᠯᠡᠵᠠᠢ᠃

 ᠼᠢᠦᠶᠢᠷᠢᠰᠢ ᠬᠤᠯᠪᠤᠭᠠᠨ ᠤ ᠰᠢᠨᠵᠢᠯᠡᠬᠦ ᠤᠬᠠᠭᠠᠨ ᠲᠧᠭᠨᠤᠯᠤᠬᠢ ᠶᠢᠨ ᠶᠡᠬᠡ ᠰᠤᠷᠭᠠᠭᠤᠯᠢ ᠶᠢᠨ ᠵᠠᠩ ᠰᠢᠩ ᠋ᠳ᠋ᠤᠺᠲ᠋ᠤᠷ᠄《ᠲᠡᠪᠴᠢᠶᠡᠷᠢ ᠦᠭᠡᠢ ᠨᠢ ᠬᠦᠮᠦᠨ ᠤ ᠨᠢᠭᠡ ᠨᠠᠰᠤᠨ ᠤ ᠤᠯᠠᠨ ᠵᠦᠶ᠋ᠯ ᠤᠨ ᠠᠵᠢᠯᠯᠠᠭ᠎ᠠ ᠲᠠᠢ ᠬᠤᠯᠪᠤᠭ᠎ᠠ ᠲᠠᠢ᠃ ᠵᠢᠱᠢᠶᠡᠯᠡᠪᠡᠯ ᠡᠮ ᠢ ᠳᠤᠷ᠎ᠠ ᠪᠠᠷ ᠬᠡᠷᠡᠭᠯᠡᠬᠦ ᠵᠡᠷᠭᠡ᠃ ᠲᠡᠪᠴᠢᠶᠡᠷᠢ ᠦᠭᠡᠢ ᠨᠢ ᠪᠠᠰᠠ ᠲᠠᠨᠢᠯᠳᠠ ᠪᠠ ᠨᠡᠶᠢᠭᠡᠮ ᠤᠨ ᠬᠠᠷᠢᠯᠴᠠᠭᠠᠨ ᠤ ᠴᠢᠳᠠᠪᠤᠷᠢ ᠳᠤᠳᠠᠮᠠᠭ᠂ ᠠᠮᠢᠳᠤᠷᠠᠯ ᠤᠨ ᠳᠤᠮᠳᠠᠬᠢ ᠬᠦᠴᠢᠷ ᠪᠡᠷᠬᠡᠰᠢᠶᠡᠯ ᠢ ᠢᠯᠠᠵᠦ ᠳᠡᠶᠢᠯᠬᠦ ᠦᠭᠡᠢ᠂ ᠲᠡᠷᠡᠴᠢᠯᠡᠨ ᠡᠭᠦᠨ ᠡᠴᠡ ᠪᠤᠯᠵᠦ ᠰᠡᠳᠬᠢᠴᠡ ᠶᠢᠨ ᠡᠪᠡᠳᠴᠢᠨ ᠤᠯᠬᠤ ᠵᠡᠷᠭᠡ ᠲᠠᠢ ᠪᠠᠰᠠ ᠬᠤᠯᠪᠤᠭᠳᠠᠯ ᠲᠠᠢ》 ᠭᠡᠵᠦ ᠭᠡᠯᠡᠵᠦ ᠪᠠᠶᠢᠯ᠎ᠠ᠃

 《ᠡᠳᠡᠭᠡᠷ ᠨᠦᠯᠦᠭᠡ ᠨᠢ ᠪᠢᠳᠠᠨ ᠢ ᠲᠡᠪᠴᠢᠶᠡᠷᠢ ᠦᠭᠡᠢ ᠡᠴᠡ ᠦᠵᠦᠭᠦᠷ ᠮᠦᠬᠦᠯᠢᠭ᠌ ᠢ ᠪᠤᠭᠤᠨᠢ ᠪᠤᠯᠭᠠᠬᠤ ᠪᠤᠯᠤᠮᠵᠢ ᠲᠠᠢ ᠭᠡᠬᠦ ᠦᠵᠡᠯᠳᠡ ᠶᠢ ᠳᠤᠷᠠᠳᠤᠭᠤᠯᠵᠠᠢ᠃ 20 ᠨᠠᠰᠤᠨ ᠤ ᠤᠷᠴᠢᠮ ᠤᠨ ᠵᠠᠯᠠᠭᠤᠴᠤᠳ ᠦᠪᠡᠷ ᠤᠨ ᠦᠵᠦᠭᠦᠷ ᠮᠦᠬᠦᠯᠢᠭ᠌ ᠪᠤᠭᠤᠨᠢ ᠭᠡᠳᠡᠭ ᠢᠶᠡᠨ ᠰᠡᠷᠡᠵᠦ ᠮᠡᠳᠡᠭᠡᠳ ᠨᠡᠩ ᠬᠦᠭᠡᠷᠦᠦ ᠰᠤᠩᠭ᠋ᠤᠯᠳᠠ ᠬᠢᠬᠦ ᠪᠤᠯᠤᠮᠵᠢ ᠲᠡᠮᠡᠢ ᠦᠭᠡᠢ ᠪᠠᠶᠢᠬ᠎ᠠ᠃ ᠪᠢᠳᠠ ᠲᠡᠪᠴᠢᠶᠡᠷᠢ ᠦᠭᠡᠢ ᠨᠢ ᠦᠵᠦᠭᠦᠷ ᠮᠦᠬᠦᠯᠢᠭ᠌ ᠢ ᠪᠤᠭᠤᠨᠢ ᠪᠤᠯᠭᠠᠭᠰᠠᠨ ᠪᠤᠶᠦ ᠦᠵᠦᠭᠦᠷ ᠮᠦᠬᠦᠯᠢᠭ᠌ ᠨᠢ ᠪᠤᠭᠤᠨᠢ ᠪᠤᠯᠤᠭᠰᠠᠨ ᠡᠴᠡ ᠲᠡᠪᠴᠢᠶᠡᠷᠢ ᠦᠭᠡᠢ ᠪᠤᠯᠤᠭᠰᠠᠨ ᠡᠰᠡᠬᠦ ᠶᠢᠨ ᠨᠢᠭᠤᠭᠳᠠᠮᠠᠯ ᠵᠢᠷᠤᠮ ᠢ ᠲᠤᠶᠢᠯᠪᠤᠷᠢᠲᠠᠢ ᠮᠡᠳᠡᠵᠦ ᠴᠢᠳᠠᠬᠤ  ᠦᠭᠡᠢ》 ᠭᠡᠵᠦ ᠵᠠᠩ ᠰᠢᠩ ᠬᠡᠯᠡᠨ᠎ᠠ᠃    


ᠢᠷᠡᠯᠳᠡ : 

ᠯᠠᠪᠯᠠᠯᠳᠠ ᠶᠢᠨ ᠮᠡᠳᠡᠭᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ