ᠭᠤᠸᠠᠩᠵᠸᠣ ᠶᠢᠨ ᠬᠤᠸᠠ ᠨᠠᠨ ᠤᠷᠭᠤᠮᠠᠯ ᠤᠨ  ᠬᠦᠷᠢᠶᠡᠯᠡᠩ ᠤᠨ  ᠰᠢᠨ᠎ᠡ  ᠰᠤᠳᠣᠯᠭᠠᠨ ᠠᠴᠠ  ᠦᠵᠡᠪᠡᠯ᠂  ᠡᠬᠡ‌‍ ᠪᠠᠶᠢᠭᠠᠯᠢ ᠲᠠᠢ ᠣᠶᠢᠷ᠎ᠠ ᠪᠠᠶᠢᠬᠤ ᠨᠢ ᠬᠦᠮᠦᠨ ᠤ ᠰᠡᠳᠬᠢᠴᠡ(ᠬᠦᠮᠦᠨ ᠪᠣᠯᠣᠨ ᠪᠠᠶᠢᠭᠠᠯᠢ ᠶᠢᠨ ᠬᠤᠭᠤᠷᠣᠨᠳᠣᠬᠢ ᠬᠠᠷᠢᠯᠴᠠᠭᠠᠨ ‍ᠣ‌‍ ᠪᠡᠶᠡᠴᠢ ᠰᠡᠳᠬᠢᠭᠳᠡᠯ) ᠶᠢᠨ ᠡᠷᠡᠭᠦᠯ ᠮᠡᠨᠳᠦ ᠳᠤ ᠨᠥᠯᠥᠭᠡ ᠲᠠᠢ᠃  ᠨᠣᠭᠤᠭᠠᠨ  ᠵᠦᠯᠭᠡ  ᠵᠡᠷᠭᠡ  ᠪᠠᠶᠢᠭᠠᠯᠢ ᠶᠢᠨ  ᠣᠷᠴᠢᠨ ᠳ᠋ᠣ᠋‌‍ᠪᠠᠶᠢᠬᠤ ᠨᠢ ᠣᠶᠣᠨ ᠰᠠᠨᠠᠭᠠᠨ ᠤ ᠳᠠᠷᠣᠭᠠᠰᠣ ᠶᠢ ᠬᠥᠩᠭᠡᠯᠡᠵᠣ᠂ ᠬᠦᠮᠦᠰ ᠤᠨ ᠪᠠᠶᠢᠭᠠᠯᠢ  ᠣᠷᠴᠢᠨ ᠳᠠᠬᠢ  ᠪᠠᠶᠡᠴᠢ  ᠰᠡᠳᠬᠢᠭᠳᠡᠯ‌‍ ᠴᠢᠩᠭᠠᠷᠠᠬᠤ ᠲᠣᠲᠣᠮ ᠠᠵᠠ ᠵᠢᠷᠭᠠᠯ ᠢ ᠮᠡᠳᠡᠷᠡᠵᠣ᠂ ᠡᠬᠦᠨ ᠤ ᠤᠯᠠᠮ ᠢᠶᠠᠷ  ᠰᠡᠳᠬᠢᠴᠡ ᠶᠢᠨ  ᠡᠪᠡᠳᠴᠢᠨ  ᠣᠯᠬᠤ  ᠡᠷᠡᠰᠳᠡᠯ  ᠢ ᠪᠠᠭᠠᠰᠬᠠᠬᠤ ᠪᠣᠯᠣᠨ᠎ᠠ ᠭᠡᠵᠦ ᠦᠵᠡᠵᠡᠢ᠃ ᠬᠠᠮᠢᠶᠠᠲᠠᠢ ᠰᠤᠳᠣᠯᠭᠠᠨ ᠤ ᠦᠷ᠎ᠡ ᠪᠦᠲᠦᠭᠡᠯ ᠢ ᠣᠶᠢᠷ᠎ᠠ ᠳᠤ᠂ ᠡᠷᠳᠡᠮ ᠰᠢᠨᠵᠢᠯᠡᠭᠡᠨ ‍ᠣ‌‍ ᠰᠡᠳᠬᠦᠯ 《ᠥᠩᠭᠡ ᠦᠵᠡᠮᠵᠢ ᠪᠠ ᠬᠤᠲᠠ ᠶᠢᠨ ᠲᠥᠯᠥᠪᠵᠢᠭᠦᠯᠭᠡ》 ᠳᠡᠭᠡᠷ᠎ᠡ ᠨᠡᠶᠢᠲᠡᠯᠡᠭᠰᠡᠨ ᠪᠠᠶᠢᠨ᠎ᠠ᠃

ᠲᠤᠭ᠎ᠠ ᠪᠦᠷᠢᠳᠬᠡᠯ ᠳᠤ ᠢᠯᠡᠷᠡᠭᠦᠯᠦᠭᠰᠡᠨ ᠢᠶᠠᠷ᠂ ᠮᠠᠨ ᠤ ᠤᠯᠣᠰ ᠤᠨ ᠨᠠᠰᠣᠨ ᠳᠤ ᠬᠦᠷᠦᠭᠰᠡᠳ ᠤᠨ ᠡᠯ᠎ᠡ ᠵᠦᠢᠯ ‍ᠣᠨ‌‍ ᠰᠡᠳᠬᠢᠴᠡ ᠶᠢᠨ  ᠡᠪᠡᠳᠴᠢᠨ ᠳᠤ  ᠨᠡᠷᠪᠡᠭᠳᠡᠵᠣ  ᠨᠢᠭᠡ  ᠨᠠᠰᠣ ᠪᠠᠷ ᠢᠶᠠᠨ  ᠡᠪᠡᠳᠴᠢᠨ ᠤ  ᠳᠠᠷᠴᠢᠯᠭᠠᠯ   ᠠᠮᠰᠠᠬᠤ  ᠨᠣᠷᠮ᠎ᠠ 16.6% ᠳᠤ ᠬᠦᠷᠴᠦ᠂ ᠰᠡᠳᠬᠢᠴᠡ ᠶᠢᠨ ᠡᠪᠡᠳᠴᠢᠨ ᠠᠴᠠ ᠪᠣᠯᠣᠭᠰᠠᠨ  ᠳᠠᠷᠣᠭᠠᠰᠣ  ᠪᠦᠬᠦᠶᠢᠯᠡ  ᠡᠪᠡᠳᠴᠢᠨ ᠤ  ᠳᠣᠲᠣᠷ᠎ᠠ‌ ᠬᠤᠶᠠᠳᠣᠭᠠᠷ ᠪᠠᠶᠢᠷᠢ ᠶᠢ ᠡᠵᠡᠯᠡᠵᠣ ᠪᠠᠶᠢᠨ᠎ᠠ᠃ ᠡᠶᠢᠮᠦ ᠠᠴᠠ ᠰᠡᠳᠬᠢᠴᠡ ᠶᠢᠨ  ᠡᠷᠡᠭᠦᠯ  ᠮᠡᠨᠳᠣ ᠳᠤ  ᠵᠣᠷᠢᠭᠤᠯᠬᠤ  ᠲᠥᠷᠦ ᠵᠢᠨ‌‍ ᠪᠣᠳᠣᠯᠭ᠎ᠠ ᠪᠠ ᠰᠠᠭᠤᠷᠢ ᠪᠦᠲᠦᠭᠡᠨ ᠪᠠᠶᠢᠭᠤᠯᠣᠯᠲᠠ ᠨᠢ ᠲᠣᠯᠭᠠᠮ᠎ᠠ ᠱᠠᠭᠠᠷᠳᠠᠭᠳᠠᠵᠣ ᠪᠠᠶᠢᠨ᠎ᠠ᠃

ᠡᠭᠦᠨ ᠠᠴᠠ ᠡᠮᠦᠨᠡᠬᠢ ᠶᠡᠭᠡ ᠬᠡᠮᠵᠢᠶᠡᠨ ᠤ ᠰᠤᠳᠤᠯᠭᠠᠨ ᠳᠤ᠂ ᠡᠪᠡᠰᠤ ᠲᠠᠢ ᠭᠠᠵᠠᠷ ᠨᠢ  ᠰᠡᠳᠬᠢᠴᠡ ᠶᠢᠨ  ᠡᠪᠡᠳᠴᠢᠨ‌ ᠣᠯᠬᠤ ᠨᠣᠷᠮ᠎ᠠ ᠶᠢ ᠪᠠᠭᠠᠰᠬᠠᠬᠤ ᠶᠢᠨ  ᠬᠠᠮᠲᠣ  ᠠᠵᠠ  ᠵᠢᠷᠭᠠᠯ  ᠲᠠᠢ  ᠪᠠᠶᠢᠬᠤ  ᠮᠡᠳᠡᠷᠡᠮᠵᠢ ᠶᠢ  ᠳᠡᠭᠡᠭᠰᠢᠯᠡᠭᠦᠯᠦᠨ᠎ᠡ  ᠭᠡᠳᠡᠭ ᠢ ᠢᠯᠡᠷᠡᠭᠦᠯᠦᠭᠰᠡᠨ ᠪᠣᠯᠪᠠᠴᠣ᠂ ᠪᠡᠶᠡᠴᠢ ᠪᠠᠷ ᠪᠠᠶᠢᠭᠠᠯᠢ ᠲᠠᠢ ᠣᠶᠢᠷᠠᠲᠣᠬᠤ ᠬᠡᠮᠵᠢᠶ᠎ᠡ ᠨᠢ ᠡᠪᠡᠰᠦ ᠲᠠᠢ ᠭᠠᠵᠠᠷ ᠪᠠ  ᠰᠡᠳᠭᠢᠴᠡ ᠵᠢᠨ‌ᠡᠷᠡᠭᠦᠯ ᠮᠡᠨᠳᠣ ᠶᠢᠨ ᠬᠠᠷᠢᠴᠠᠭᠠᠨ ᠳᠤ ᠨᠥᠯᠦᠭᠡ  ᠪᠣᠯᠤᠨ᠎ᠠ  ᠭᠡᠳᠡᠭ ᠢ  ᠣᠯᠠᠩᠬᠢ  ᠰᠤᠳᠣᠯᠭᠠᠨ ᠳᠤ  ᠠᠩᠵᠠᠭᠠᠷᠠᠭᠰᠠᠨ  ᠦᠭᠡᠢ‌‍ ᠪᠠᠶᠢᠨ᠎ᠠ᠃ ᠡᠨᠡ  ᠤᠳᠠᠭᠠᠨ ᠤ  ᠰᠤᠳᠣᠯᠭᠠᠨ ᠳᠤ  ᠢᠯᠡᠷᠡᠭᠦᠯᠦᠭᠰᠡᠨ ᠢᠶᠠᠷ᠂ ᠡᠪᠡᠰᠦ  ᠲᠠᠢ ᠭᠠᠵᠠᠷ ᠲᠠᠢ ᠣᠶᠢᠷ᠎ᠠ  ᠪᠠᠶᠢᠵᠣ‌‍ ᠰᠡᠳᠬᠢᠴᠡ ᠶᠢᠨ ᠡᠷᠡᠭᠦᠯ ᠮᠡᠨᠳᠣ ᠪᠠᠨ ᠪᠠᠲᠣᠯᠠᠬᠤ ᠦᠷ᠎ᠡ ᠪᠦᠲᠦᠮᠵᠢ ᠨᠢ ᠪᠠᠶᠢᠭᠠᠯᠢ ᠲᠠᠢ ᠣᠶᠢᠷ᠎ᠠ ᠪᠠᠶᠢᠳᠠᠭ ᠬᠦᠮᠦᠰ ᠤᠨ ᠳᠤᠮᠳᠠ‌ ᠢᠯᠡᠭᠦᠦ ᠥᠨᠳᠦᠷ  ᠪᠠᠶᠢᠳᠠᠭ ᠢ ᠢᠯᠡᠷᠡᠭᠦᠯᠦᠭᠰᠡᠨ ᠢᠶᠠᠷ ᠪᠠᠷᠠᠬᠤ ᠦᠭᠡᠢ  ᠪᠠᠰᠠ᠂ ᠪᠠᠶᠢᠭᠠᠯᠢ  ᠳᠡᠯᠡᠬᠡᠢ ᠶᠢᠨ  ᠬᠦᠮᠦᠰ ‍ᠣᠨ‌‍ᠰᠡᠳᠬᠢᠴᠡ ᠶᠢᠨ ᠡᠷᠡᠭᠦᠯ ᠮᠡᠨᠳᠣ ᠳᠤ ᠠᠪᠴᠢᠷᠠᠬᠤ  ᠠᠰᠢᠭ ᠢ ᠳᠡᠭᠡᠭᠰᠢᠯᠡᠭᠦᠯᠬᠦ ᠶᠢᠨ ᠲᠥᠯᠦᠭᠡ᠂ ᠬᠦᠮᠦᠰ ᠢ ᠵᠣᠷᠢᠭᠵᠢᠭᠤᠯᠣᠨ‌‍ ᠬᠡᠭᠡᠷ᠎ᠡ ᠭᠠᠳᠠᠨᠠᠬᠢ ᠬᠥᠳᠡᠯᠭᠡᠭᠡᠨ ᠳᠤ ᠣᠷᠣᠯᠴᠠᠭᠤᠯᠬᠤ ᠶᠢᠨ ᠬᠠᠮᠲᠣ ᠬᠦᠮᠦᠰ ᠤᠨ  ᠪᠠᠶᠢᠭᠠᠯᠢ  ᠳᠡᠯᠡᠬᠡᠢ ᠳᠤ  ᠬᠠᠨᠳᠣᠬᠤ  ᠪᠡᠶᠡᠴᠢ‌‍ ᠰᠡᠳᠬᠢᠭᠳᠡᠯ ᠢ ᠳᠡᠭᠡᠭᠰᠢᠯᠡᠬᠦᠯᠬᠦ ᠴᠢᠬᠤᠯᠠᠲᠠᠢ ᠭᠡᠳᠡᠭ ᠢ ᠢᠯᠡᠷᠡᠭᠦᠯᠵᠡᠢ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ