10 ᠰᠠᠷ᠎ᠠ ᠎ᠶ᠋ᠢᠨ 15᠎ ᠤ ᠡᠳᠦᠷ᠂ ᠲᠥᠷᠥ᠎ᠶ᠋ ᠢᠨ ᠶᠠᠪᠤᠳᠠᠯ ᠤᠨ ᠬᠤᠷᠢᠶᠠᠨ᠎ ᠤ ᠠᠯᠪᠠᠨ ᠲᠢᠩᠬᠢᠮ 《 ᠰᠢᠨ᠎ᠡ ᠴᠠᠭ ᠦᠶ᠎ᠡ᠎ ᠶ᠋ᠢᠨ ᠰᠤᠷᠭᠠᠭᠤᠯᠢ ᠎ᠶ᠋ᠢᠨ ᠪᠡᠶ᠎ᠡ ᠎ᠶ᠋ᠢᠨ ᠲᠠᠮᠢᠷ ᠤᠨ ᠠᠵᠢᠯ᠎ ᠢ ᠪᠥᠬᠦ᠌ ᠲᠠᠯ᠎ᠠ᠎ ᠪᠠᠷ ᠴᠢᠩᠭᠠᠳᠭᠠᠨ ᠰᠠᠢ᠌ᠢᠵᠢᠷᠠᠭᠤᠯᠬᠤ ᠲᠤᠬᠠᠶ ᠰᠠᠨᠠᠯ》᠎ ᠢ ᠳᠠᠷᠤᠮᠠᠯᠯᠠᠨ ᠲᠠᠷᠬᠠᠭᠠᠪᠠ᠂ ᠡᠨᠡ ᠪᠣᠯ《ᠪᠡᠶ᠎ᠡ ᠵᠢᠨ ᠲᠠᠮᠢᠷ ᠪᠠ ᠰᠤᠷᠭᠠᠨ ᠬᠥᠮᠦᠵᠢᠯ᠎ ᠤᠨ ᠠᠭᠤᠰᠤᠯᠴᠠᠯ᠎ ᠢ  ᠭᠦᠨᠵᠡᠭᠡᠢᠷᠡᠭᠦᠯᠵᠦ᠍ ᠵᠠᠯᠠᠭᠤᠴᠤᠳ ᠪᠠᠭᠠᠴᠤᠳ ᠤᠨ ᠡᠷᠡᠭᠦᠯ ᠬᠦᠭᠵᠢᠯᠲᠡ ᠶᠢ ᠠᠬᠢᠭᠤᠯᠬᠤ ᠲᠤᠬᠠᠶ ᠰᠠᠨᠠᠯ》 ᠤᠨ ᠲᠠᠷᠠᠭᠠᠬᠢ ᠤᠯᠤᠰ᠎ ᠠᠴᠠ ᠰᠤᠷᠭᠠᠭᠤᠯᠢ ᠎ᠶ᠋ᠢᠨ ᠪᠡᠶ᠎ᠡ ᠎ᠶ᠋ᠢᠨ ᠲᠠᠮᠢᠷ᠎ ᠤᠨ ᠎ᠠᠵᠢᠯ ᠢ  ᠵᠢᠯᠤᠭᠤᠳᠤᠭᠰᠠᠨ ᠪᠠᠰᠠ ᠨᠢᠭᠡᠨ ᠬᠤᠪᠢ ᠴᠢᠬᠤᠯᠠ ᠪᠢᠴᠢᠭ ᠮᠠᠲ᠋ᠧᠷᠢᠶᠠᠯ ᠪᠤᠯᠤᠨ᠎ᠠ᠃

ᠰᠠᠨᠠᠯ᠎ ᠳᠤ ᠥᠨᠳᠥᠷ ᠵᠡᠷᠭᠡ᠎ ᠶ᠋ᠢᠨ ᠳᠤᠮᠳᠠᠳᠤ ᠰᠤᠷᠭᠠᠭᠤᠯᠢ᠎ ᠶ᠋ᠢᠨ ᠪᠡᠶ᠎ᠡ ᠎ᠶ᠋ᠢᠨ ᠲᠠᠮᠢᠷ᠎ ᠤᠨ  ᠰᠢᠯᠭᠠᠯᠳᠠ ᠎ᠶ᠋ᠢᠨ ᠠᠭᠤᠯᠭ᠎ᠠ᠂ ᠠᠷᠭ᠎ᠠ ᠮᠠᠶ᠋ᠢᠭ ᠪᠠ ᠬᠤᠪᠢ ᠪᠤᠳᠤᠬᠤ ᠠᠷᠭ᠎ᠠ᠎ ᠵᠢ ᠰᠢᠨᠵᠢᠯᠡᠬᠦ ᠤᠬᠠᠭᠠᠨᠴᠢ ᠎ᠪᠠᠷ ᠲᠤᠭᠳᠠᠭᠠᠭᠬᠤ ᠎ᠶ᠋ᠢᠨ ᠬᠠᠮᠲᠤ ᠠᠯᠬᠤᠮ ᠠᠯᠬᠤᠮ᠎ ᠢᠶᠠᠷ ᠲᠡᠭᠡᠭᠰᠢᠯᠡᠬᠦᠯᠦᠨ᠎ᠡ ᠭᠡᠵᠦ᠍ ᠲᠤᠷᠠᠳᠪᠠ᠃ ᠰᠤᠷᠭᠠᠨ ᠬᠥᠮᠦᠵᠢᠯ᠎ ᠤᠨ ᠶᠠᠮᠤᠨ ᠤ ᠬᠠᠮᠢᠶ᠎ᠠ ᠪᠦᠬᠦᠢ ᠬᠠᠷᠢᠭᠤᠴᠠᠯᠭᠠᠲᠠᠨ ᠰᠣᠨᠢᠨ ᠮᠡᠳᠡᠭᠡ ᠨᠡᠢᠲᠡᠯᠡᠬᠦ᠌  ᠬᠤᠷᠠᠯ ᠳᠡᠭᠡᠷ᠎ᠡ᠂ ᠦᠨᠳᠦᠷ ᠵᠡᠷᠭᠡ ᠵᠢᠨ ᠲᠤᠮᠳᠠᠳᠤ ᠰᠤᠷᠭᠠᠭᠤᠯᠢ ᠵᠢᠨ ᠪᠡᠶ᠎ᠡ ᠎ᠶ᠋ᠢᠨ ᠲᠠᠮᠢᠷ᠎ ᠤᠨ ᠰᠢᠯᠭᠠᠯᠳᠠ ᠤᠨ ᠡᠴᠦᠰ᠎ ᠤᠨ ᠬᠠᠷᠠᠯᠲᠠ ᠪᠣᠯ ᠪᠡᠶ᠎ᠡ ᠎ᠶ᠋ᠢᠨ ᠲᠠᠮᠢᠷ᠎ ᠤᠨ ᠰᠢᠯᠭᠠᠯᠳᠠ ᠶᠢᠨ ᠬᠤᠪᠢ ᠵᠢᠨ ᠬᠡᠮᠵᠢᠭᠳᠡᠯ᠎ ᠢ ᠬᠡᠯᠡ ᠪᠢᠴᠢᠭ᠂ ᠲᠤᠭ᠎ᠠ᠂ ᠠᠩᠭ᠍ᠯᠢ ᠬᠡᠯᠡ ᠲᠠᠢ ᠠᠳᠠᠯᠢ᠎ ᠬᠤᠪᠢ ᠎ᠶ᠋ᠢᠨ᠎  ᠬᠡᠮᠵᠢᠭᠳᠡᠯ ᠳᠦ ᠬᠦᠷᠭᠡᠨ᠎ᠡ᠂᠎ᠡᠬᠦᠨ᠎ ᠤ ᠬᠠᠮᠲᠤ᠂᠎ ᠶᠡᠭᠡ᠎ ᠲᠡᠭᠡᠳᠣ ᠰᠤᠷᠭᠠᠭᠤᠯᠢ᠎ ᠶ᠋ᠢᠨ  ᠰᠤᠷᠤᠭᠴᠢ ᠡᠯᠰᠡᠬᠦ ᠰᠢᠯᠭᠠᠯᠳᠠ ᠳᠤ ᠬᠡᠪ ᠪᠣᠯᠪᠠᠰᠤᠷᠠᠯ᠎ ᠢ  ᠬᠡᠷᠬᠢᠨ ᠦᠨᠡᠯᠡᠬᠦ᠂ ᠬᠡᠷᠬᠢᠨ ᠎ᠬᠤᠪᠢ ᠎ᠪᠤᠳᠤᠬᠤ᠎ ᠋ ᠶᠢ  ᠴᠢᠨᠠᠭᠰᠢᠳᠠ  ᠎ᠰᠤᠳᠤᠯᠬᠤ ᠎ᠴᠢᠬᠤᠯᠠᠳᠠᠢ᠎ ᠭᠡᠵᠦ᠍ ᠴᠢᠬᠤᠯᠠᠴᠢᠯᠠᠭᠰᠠᠨ  ᠪᠠᠢ᠌ᠢᠨ᠎ᠡ᠃ ᠪᠡᠶ᠎ᠡ᠎ ᠶ᠋ᠢᠨ ᠲᠠᠮᠢᠷ᠎ ᠢ ᠦᠨᠳᠤᠷ ᠵᠡᠷᠭᠡ ᠵᠢᠨ ᠳᠤᠮᠳᠠᠳᠤ ᠰᠤᠷᠭᠠᠭᠤᠯᠢ ᠪᠣᠯᠤᠨ ᠶᠡᠭᠡ ᠲᠡᠭᠡᠳᠣ ᠰᠤᠷᠭᠠᠭᠤᠯᠢ ᠎ᠶ᠋ᠢᠨ ᠰᠤᠷᠤᠭᠴᠢ ᠡᠯᠰᠡᠬᠦ  ᠰᠢᠯᠭᠠᠯᠳᠠ ᠳᠤ ᠣᠷᠣᠭᠤᠯᠬᠤ ᠎ᠶ᠋ᠢᠨ ᠬᠠᠮᠲᠤ᠌᠂ ᠬᠤᠪᠢ᠎ ᠶ᠋ᠢᠨ ᠬᠡᠮᠵᠢᠭᠳᠡᠯ᠎ ᠢ ᠢᠳᠡᠭ  ᠢᠳᠡᠭ ᠢᠶᠡᠷ  ᠲᠡᠭᠡᠭᠰᠢᠯᠡᠬᠦᠯᠬᠦ ᠪᠤᠯ ᠰᠤᠷᠭᠠᠭᠤᠯᠢ  ᠪᠣᠯᠤᠨ ᠭᠡᠷ᠎ ᠤᠨ ᠠᠬᠠᠮᠠᠳ ᠤᠨ ᠪᠡᠶ᠎ᠡ᠎ ᠶ᠋ᠢᠨ ᠲᠠᠮᠢᠷ᠎ ᠢ  ᠬᠦᠨᠳᠣᠳᠭᠡᠬᠦ ᠦᠵᠡᠯ ᠤᠬᠠᠮᠰᠠᠷ  ᠢ ᠎ᠪᠤᠢ ᠎ᠪᠤᠯᠭᠠᠵᠤ᠂ ᠎ᠪᠡᠶ᠎ᠡ ᠎ᠶ᠋ᠢᠨ ᠎ᠲᠠᠮᠢᠷ ᠎ ᠢ ᠎ᠤᠮᠳᠤᠭᠠᠢᠯᠠᠳᠠᠭ ᠎ᠦᠵᠡᠭᠳᠡᠯ  ᠢ ᠦᠨᠳᠦᠰᠦᠨ᠎ ᠡᠴᠡ ᠨᠢ ᠰᠢᠢᠳᠪᠦᠷᠢᠯᠡᠵᠦ᠂ ᠵᠠᠯᠠᠭᠤᠴᠤᠳ ᠪᠠᠭᠠᠴᠤᠳ᠎ ᠤᠨ ᠪᠦᠬᠦ᠌ ᠲᠠᠯ᠎ᠠ᠎ ᠶ᠋ᠢᠨ ᠬᠦᠭᠵᠢᠯᠲᠡ ᠎ᠶ᠋ᠢ ᠠᠬᠢᠭᠤᠯᠬᠤ ᠵᠢᠨ  ᠴᠢᠬᠤᠯᠠ ᠭᠠᠷᠳᠠᠴᠠ  ᠪᠣᠯᠬᠤ ᠶᠤᠮ᠃  ᠭᠡᠪᠡᠴᠦ᠍᠂  ᠵᠠᠷᠢᠮ ᠬᠥᠮᠦᠰ ᠡᠭᠦᠨ ᠳᠦ ᠰᠠᠨᠠᠭᠠᠰᠢᠷᠠᠯ ᠪᠠ ᠰᠡᠵᠢᠭᠯᠡᠯ ᠢᠯᠡᠳᠭᠡᠵᠡᠭᠡᠵᠦ ᠪᠤᠢ᠃ ᠡᠳᠡᠭᠡᠷ ᠬᠦᠮᠦᠰ᠎ ᠦᠨ ᠦᠵᠡᠬᠦ ᠪᠡᠷ᠄ ᠰᠤᠷᠭᠠᠨ ᠬᠥᠮᠦᠵᠢᠯ᠎ ᠤᠨ  ᠦᠭᠡᠷᠡᠴᠢᠯᠠᠯᠳᠠ ᠴᠢᠭᠯᠡᠯ 《ᠲᠠᠪᠤ ᠎ᠶ᠋ᠢ ᠯᠠ ᠡᠷᠬᠢᠮᠯᠡᠬᠦ᠌》 ᠠᠷᠬᠠᠭ ᠭᠡᠮ ᠢ ᠠᠷᠢᠯᠭᠠᠨ᠎ᠠ᠃ ᠬᠤᠪᠢ ᠎ᠶ᠋ᠢ  ᠲᠡᠭᠡᠭᠰᠢᠯᠡᠬᠦᠯᠬᠦ ᠠᠷᠭ᠎ᠠ᠎ ᠪᠠᠷ ᠨᠡᠢ᠌ᠢᠭᠡᠮ ᠢ《 ᠰᠢᠬᠠᠮᠳᠠᠭᠤᠯᠵᠦ》 ᠂ ᠪᠡᠶ᠎ᠡ ᠎ᠶ᠋ᠢᠨ ᠲᠠᠮᠢᠷ᠎ ᠢ ᠴᠢᠬᠤᠯᠠᠴᠢᠯᠠᠬᠤ ᠎ᠨᠢ 《ᠪᠡᠶ᠎ᠡ ᠎ᠶ᠋ᠢᠨ ᠲᠠᠮᠢᠷ᠎ ᠤᠨ  ᠰᠢᠯᠭᠠᠯᠳᠠ  ᠶᠢ ᠠᠷᠭᠠᠴᠠᠭᠠᠬᠤ》 ᠰᠢᠨ᠎ᠡ ᠭᠡᠮ᠎ ᠢ ᠠᠪᠴᠢᠷᠠᠵᠤ ᠮᠡᠳᠡᠨ᠎ᠡ᠃ ᠢᠩᠭᠢᠪᠡᠯ ᠂ ᠪᠡᠶ᠎ᠡ ᠎ᠶ᠋ᠢᠨ ᠲᠠᠮᠢᠷ᠎ ᠤᠨ ᠠᠵᠢᠯ᠎ ᠢ ᠴᠢᠩᠭᠠᠳᠬᠠᠬᠤ ᠤᠭ ᠰᠠᠨᠠᠭ᠎ᠠ᠎ ᠠᠴᠠ ᠲᠡᠷᠰᠯᠡᠵᠦ᠍ ᠮᠡᠳᠡᠬᠦ᠌ ᠎ᠪᠠᠷ ᠪᠠᠷᠠᠬᠤ ᠦᠭᠡᠢ᠂ ᠪᠠᠰᠠ ᠰᠤᠷᠭᠠᠭᠤᠯᠢ ᠎ᠶ᠋ᠢᠨ ᠭᠠᠳᠠᠨᠠᠬᠢ ᠪᠡᠶ᠎ᠡ᠎ ᠶ᠋ᠢᠨ ᠲᠠᠮᠢᠷ ᠤᠨ ᠪᠣᠯᠪᠠᠰᠤᠷᠠᠯ᠎ ᠤᠨ ᠬᠡᠷᠡᠭᠴᠡᠬᠡ ᠱᠠᠭᠠᠷᠳᠠᠯᠭ᠎ᠠ ᠵᠢ ᠪᠤᠢ ᠪᠤᠯᠭᠠᠵᠤ᠌᠂ ᠭᠡᠷ᠎ ᠤᠨ ᠠᠬᠠᠮᠠᠳ  ᠪᠠᠭᠰᠢ ᠰᠤᠷᠤᠭᠴᠢ ᠶᠢᠨ ᠳᠠᠷᠤᠭᠠᠰᠤ ᠎ᠶ᠋ᠢ  ᠴᠢᠨᠠᠭᠰᠢᠳᠠ ᠬᠦᠨᠳᠤᠷᠡᠭᠦᠯᠵᠦ᠍ ᠮᠡᠳᠡᠨ᠎ᠡ᠃

ᠰᠢᠨ᠎ᠡ ᠦᠵᠡᠯ ᠰᠠᠨᠠᠭ᠎ᠠ᠂ ᠰᠢᠨ᠎ᠡ ᠬᠡᠷᠡᠭ ᠪᠤᠳᠠᠰ ᠲᠦ ᠶᠡᠷᠦᠨᠢ ᠠᠳᠠᠯᠢ ᠪᠤᠰᠤ ᠵᠢᠨ ᠦᠵᠡᠯᠳᠡ ᠲᠠᠨᠢᠯᠳᠠ ᠲᠠᠭᠠᠯᠳᠤᠨ ᠪᠠᠢ᠌ᠢᠳᠠᠭ᠃ ᠬᠠᠮᠢᠶ᠎ᠠ ᠪᠦᠬᠦᠢ ᠰᠠᠯᠠᠭ᠎ᠠ ᠮᠥᠴᠢᠷ᠎ ᠤᠨ ᠬᠢᠨ ᠵᠦᠪ ᠲᠠᠯ᠎ᠠ ᠵᠢᠨ ᠤᠬᠠᠭᠤᠯᠭ᠎ᠠ ᠬᠦᠮᠦᠵᠢᠯ ᠵᠢᠡᠨ  ᠴᠢᠩᠭᠠᠳᠬᠠᠵᠤ᠂  ᠪᠡᠶ᠎ᠡ ᠵᠢᠨ ᠲᠠᠮᠢᠷ᠎ ᠤᠨ ᠵᠠᠯᠠᠭᠤᠴᠤᠳ ᠪᠠᠭᠠᠴᠤᠳ ᠤᠨ ᠪᠦᠬᠦ᠌ ᠲᠠᠯ᠎ᠠ ᠎ᠵᠢᠨ ᠬᠦᠭᠵᠢᠯᠳᠡ ᠪᠠ ᠡᠷᠡᠭᠦᠯ ᠎ᠵᠢᠡᠷ ᠦᠰᠦᠨ ᠪᠤᠢ᠌ᠢᠵᠢᠬᠤ ᠳ᠋ᠤ ᠦᠵᠡᠬᠦᠯᠬᠦ ᠶᠡᠷᠦᠩᠭᠡᠢ ᠦᠨ᠎ᠡ ᠦᠷᠳᠡᠭ ᠢ ᠥᠷᠭᠡᠨ ᠎ᠭᠦᠨᠵᠡᠭᠡᠢ ᠲᠠᠨᠢᠭᠤᠯᠵᠤ᠂《ᠡᠷᠡᠭᠦᠯ ᠴᠢᠭᠢᠷᠠᠭ᠎ ᠢ ᠲᠡᠷᠢᠭᠦᠨ᠎ ᠳᠦ ᠲᠠᠯᠪᠢᠬᠤ》ᠶᠠᠷᠢᠶ᠎ᠠ ᠬᠡᠯᠡᠯᠴᠡᠭᠡᠨ ᠤ ᠤᠳᠤᠷᠢᠳᠤᠮᠵᠢ᠎ ᠶ᠋ᠢ ᠪᠣᠶ ᠪᠣᠯᠭᠠᠨ᠂ 《 ᠰᠢᠯᠭᠠᠯᠳᠠ ᠶᠢ ᠠᠷᠭᠠᠴᠠᠭᠠᠬᠤ》 ᠤᠨ ᠰᠡᠳᠭᠢᠬᠦᠶ ᠎ᠶ᠋ᠢ ᠡᠷᠡᠰ ᠬᠤᠷᠢᠠᠠᠯᠠᠵᠦ᠂ ᠥᠷᠭᠡᠨ ᠣᠯᠠᠨ ᠵᠠᠯᠠᠭᠤᠴᠤᠳ ᠪᠠᠭᠠᠴᠤᠳ᠂ ᠰᠤᠷᠤᠭᠴᠢ ᠪᠣᠯᠤᠨ ᠭᠡᠷ ᠤᠨ ᠠᠬᠠᠮᠠᠳ᠎ ᠢ  ᠬᠥᠲᠥᠯᠥᠨ ᠵᠢᠯᠣᠭᠤᠳᠴᠤ᠌ ᠪᠡᠶ᠎ᠡ᠎ ᠶ᠋ᠢᠨ ᠲᠠᠮᠢᠷ᠎ ᠤᠨ ᠲᠤᠬᠠᠢ ᠵᠥᠪ ᠦᠵᠡᠯᠲᠡ ᠎ᠶ᠋ᠢ ᠪᠣᠶ ᠪᠤᠯᠭᠠᠪᠠᠯ ᠵᠤᠬᠢᠨ᠎ᠠ᠃

ᠡᠭᠦᠨ ᠠᠴᠠ ᠭᠠᠳᠠᠨ᠎ᠠ᠂ ᠣᠳᠣᠬᠠᠨ ᠤ ᠰᠤᠷᠭᠠᠭᠤᠯᠢ᠎ ᠶ᠋ᠢᠨ ᠪᠡᠶ᠎ᠡ᠎ ᠶ᠋ᠢᠨ ᠲᠠᠮᠢᠷ᠎ ᠤᠨ  ᠬᠦᠭᠵᠢᠯᠲᠡ ᠶ᠋ᠢ ᠬᠢᠵᠠᠭᠠᠷᠯᠠᠵᠤ  ᠪᠦᠬᠦᠢ  ᠪᠡᠶ᠎ᠡ ᠎ᠶ᠋ᠢᠨ ᠲᠠᠮᠢᠷ᠎ ᠤᠨ ᠪᠠᠭᠰᠢ ᠲᠤᠳᠠᠬᠠᠳᠠᠵᠦ ᠪᠠᠢ᠌ᠢᠬᠤ᠂ ᠲᠠᠯᠠᠪᠤᠷ ᠲᠦᠬᠦᠭᠡᠷᠤᠮᠵᠢ ᠬᠦᠷᠦᠯᠴᠡᠬᠦ᠌ ᠥᠬᠡᠶ ᠪᠠᠢ᠌ᠢᠬᠤ ᠵᠡᠷᠭᠡ ᠠᠰᠠᠭᠤᠳᠠᠯ᠎ ᠢ ᠬᠦᠴᠦ ᠲᠠᠯᠪᠢᠨ ᠪᠦᠳᠦᠮᠵᠢᠳᠡᠢ᠎ ᠰᠢᠢᠳᠪᠦᠷᠢᠯᠡᠬᠦ ᠎ᠴᠢᠬᠤᠯᠠᠲᠠᠶ  ᠪᠠᠢ᠌ᠢᠨ᠎ᠡ᠃ ᠎ᠬᠠᠮᠢᠶ᠎ᠠ ᠎ᠪᠦᠬᠦᠢ ᠎ᠪᠦᠷᠢᠳᠭᠡᠯ ᠢ ᠦᠨᠳᠦᠰᠦᠯᠡᠪᠡᠯ᠂ ᠤᠳᠤᠬᠠᠨ᠎ ᠳᠦ ᠪᠥᠬᠦ᠌ ᠤᠯᠤᠰ ᠤᠨ ᠳᠤᠮᠳᠠᠳᠤ ᠪᠠᠭ᠎ᠠ ᠰᠤᠷᠭᠠᠭᠤᠯᠢ ᠎ᠶ᠋ᠢᠨ ᠪᠡᠶ᠎ᠡ᠎ ᠶ᠋ᠢᠨ ᠲᠠᠮᠢᠷ᠎ ᠤᠨ ᠪᠠᠭᠰᠢ 15  ᠲᠦᠮᠡ ᠲᠤᠳᠠᠭᠳᠠᠵᠤ ᠪᠤᠢ᠂  ᠡᠢ᠌ᠢᠮᠦ ᠡᠴᠡ᠂ ᠪᠡᠶ᠎ᠡ᠎ ᠶ᠋ᠢᠨ ᠲᠠᠮᠢᠷ ᠤᠨ ᠰᠢᠯᠭᠠᠯᠳᠠ ᠵᠢ᠎ ᠳᠤᠮᠳᠠᠳᠤ ᠰᠤᠷᠭᠠᠭᠤᠯᠢ ᠪᠠ ᠶᠡᠭᠡ ᠲᠡᠭᠡᠳᠣ  ᠰᠤᠷᠭᠠᠭᠤᠯᠢ ᠶ᠋ᠢᠨ ᠰᠤᠷᠤᠭᠴᠢ ᠡᠯᠰᠡᠬᠦ  ᠰᠢᠯᠭᠠᠯᠳᠠ ᠳᠤ ᠤᠷᠤᠭᠤᠯᠵᠤ᠂ ᠪᠡᠶ᠎ᠡ᠎ ᠶ᠋ᠢᠨ ᠲᠠᠮᠢᠷ ᠤᠨ ᠰᠢᠯᠭᠠᠯᠳᠠ ᠵᠢᠨ ᠬᠤᠪᠢ᠎ᠶ᠋ᠢᠨ ᠬᠠᠷᠢᠴᠠᠯ᠎ ᠢ ᠢᠳᠡᠭ  ᠢᠳᠡᠭ ᠢᠶᠡᠷ ᠲᠡᠭᠡᠭᠰᠢᠯᠡᠬᠦᠯᠬᠦ ᠳ᠋ᠤ᠂ ᠬᠠᠮᠢᠶ᠎ᠠ ᠪᠦᠬᠦᠢ ᠰᠣᠷᠭᠠᠨ ᠬᠥᠮᠦᠵᠢᠯ᠎ ᠤᠨ ᠲᠦᠬᠦᠭᠡᠷᠦᠮᠵᠢ ᠵᠢ ᠢᠵᠢ ᠪᠦᠷᠢᠳᠦᠬᠦᠯᠵᠦ᠍᠂ ᠪᠡᠶ᠎ᠡ᠎ ᠶ᠋ᠢᠨ ᠲᠠᠮᠢᠷ᠎ ᠤᠨ  ᠪᠠᠭᠰᠢ ᠶᠢ ᠪᠦᠷᠢᠨ ᠭᠦᠢᠴᠡᠳ ᠲᠤᠬᠢᠷᠠᠭᠤᠯᠵᠤ᠂ ᠰᠤᠷᠭᠠᠭᠤᠯᠢ ᠡᠷᠬᠢᠯᠡᠬᠦ᠌ ᠨᠥᠬᠦᠴᠡᠯ᠎ ᠢ  ᠰᠠᠢ᠌ᠢᠵᠢᠷᠠᠭᠤᠯᠵᠦ᠂ ᠪᠡᠶ᠎ᠡ᠎ ᠶ᠋ᠢᠨ ᠲᠠᠮᠢᠷ᠎ ᠤᠨ ᠬᠢᠴᠢᠶᠡᠯ᠎ ᠢ ᠪᠦᠷᠢᠨ ᠭᠦᠢᠴᠡᠳ ᠨᠡᠭᠡᠭᠡᠵᠦ᠍᠂ ᠪᠡᠶ᠎ᠡ᠎ ᠶ᠋ᠢᠨ ᠲᠠᠮᠢᠷ᠎ ᠤᠨ ᠬᠢᠴᠢᠶᠡᠯ ᠪᠣᠯᠤᠨ ᠵᠢᠭᠠᠬᠤ ᠮᠠᠲ᠋ᠧᠷᠢᠶᠠᠯ᠎ ᠤᠨ ᠰᠢᠰᠲᠸ᠋ᠮ ᠤᠨ ᠪᠠᠢ᠌ᠢᠭᠤᠯᠤᠯᠳᠠ ᠶᠢ ᠴᠢᠨᠭᠭᠠᠳᠬᠠᠪᠠᠯ ᠵᠤᠬᠢᠨ᠎ᠠ᠃( ᠨᠡᠷᠡᠨᠳᠤᠩᠭᠠᠯᠠᠭ)


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ