ᠡᠷᠡᠭᠦᠯ ᠮᠡᠨᠳᠦ ᠶᠢᠨ ᠳᠠᠯ᠎ᠠ ᠪᠠᠷ

ᠡᠳᠦᠷ ᠪᠦᠷᠢ ᠵᠣᠬᠢᠬᠤ ᠬᠡᠮᠵᠢᠶᠡᠨ ᠤ ᠮᠢᠬᠠᠨ ᠤ  ᠵᠦᠢᠯ᠂  ᠢᠳᠡᠰᠢᠨ  ᠨᠣᠭᠤᠭ᠎ᠠ᠂  ᠵᠢᠮᠢᠰ᠂  ᠪᠦᠳᠦᠭᠦᠯᠢᠭ  ᠠᠮᠤ ᠵᠢ‌ᠢᠳᠡᠵᠦ᠂ ᠰᠢᠮ᠎ᠡ ᠲᠡᠵᠢᠭᠡᠯ ᠤᠨ ᠲᠡᠩᠴᠡᠭᠦᠷᠢ ᠶᠢ ᠪᠠᠲᠤᠯᠠᠨ᠎ᠠ᠃

ᠡᠳᠦᠷ ᠪᠦᠷᠢ ᠨᠢᠭᠡ ᠴᠠᠭ ᠬᠥᠳᠡᠯᠭᠡᠭᠡᠨ ᠬᠢᠨ᠎ᠡ᠃

ᠥᠷᠯᠥᠭᠡ ᠶᠢᠨ ᠴᠠᠢ ᠪᠠᠨ ᠤᠤᠭᠤᠵᠦ᠂ ᠴᠠᠭ ᠲᠠᠭᠠᠨ ᠠᠮᠠᠷᠠᠨ᠎ᠠ᠃        ᠪᠡᠶ᠎ᠡ ᠭᠠᠯᠪᠢᠷ ᠢᠶᠠᠨ  ᠢᠮᠠᠭᠲᠠ  ᠠᠩᠬᠠᠷᠴᠤ᠂  ᠴᠠᠭ ᠢᠶᠠᠨ  ᠦᠵᠡᠵᠦ  ᠪᠠᠶᠢᠭᠠᠳ   ᠢᠳᠡᠵᠦ   ᠤᠤᠭᠤᠬᠤ   ᠪᠡᠨ‌‍ᠲ᠋ᠣᠬᠢᠷᠠᠭᠤᠯᠤᠨ᠎ᠠ᠃  

ᠲᠣᠭᠲᠠᠭᠰᠠᠨ ᠬᠤᠭᠤᠴᠠᠭ᠎ᠠ ᠲᠠᠢ ᠪᠡᠶ᠎ᠡ ᠶᠢᠨ ᠪᠠᠶᠢᠴᠠᠭᠠᠯᠲᠠ ᠬᠢᠨ᠎ᠡ᠃

ᠬᠡᠪᠡᠯᠢ ᠪᠠᠷ ᠢᠶᠠᠨ ᠠᠮᠢᠰᠬᠤᠬᠤ ᠶᠢ ᠰᠤᠷᠬᠤ ᠬᠡᠷᠡᠭᠲᠡᠶ᠃

ᠰᠡᠳᠬᠢᠯ ᠬᠤᠪᠢᠶᠠᠭᠳᠠᠬᠤ ᠦᠭᠡᠶ ᠪᠠᠷ ᠠᠩᠬᠠᠷᠤᠯ ᠢᠶᠠᠨ ᠲᠥᠪᠯᠡᠷᠡᠭᠦᠯᠦᠨ ᠠᠵᠢᠯᠯᠠᠨ᠎ᠠ᠃

ᠳᠠᠶᠢᠪᠤᠩ ᠰᠠᠶᠢᠬᠠᠨ ᠬᠤᠭᠤᠯᠠᠯᠠᠵᠦ᠂ ᠢᠯᠡᠬᠦᠦ ᠵᠠᠵᠢᠯᠵᠤ ᠠᠭᠠᠵᠢᠭᠤ ᠵᠠᠯᠭᠢᠨ᠎ᠠ᠃

ᠡᠳᠦᠷ ᠪᠦᠷᠢ ᠰᠣᠨᠢᠶᠠᠨ᠎ᠠ᠃

ᠦᠷᠭᠦᠯᠵᠢ ᠰᠠᠶᠢᠨ ᠰᠠᠶᠢᠬᠠᠨ ᠢ ᠪᠤᠳᠣᠵᠦ᠂ ᠰᠡᠳᠬᠢᠯ ᠰᠠᠨᠠᠭ᠎ᠠ ᠪᠠᠨ ᠳᠠᠶᠢᠪᠤᠩ ᠪᠠᠶᠢᠯᠭᠠᠨ᠎ᠠ᠃


ᠠᠵᠢᠯ ᠳᠡᠭᠡᠷ᠎ᠡ

ᠠᠵᠢᠯ ᠠᠴᠠ ᠪᠠᠨ ᠬᠤᠵᠢᠮᠳᠠᠬᠤ ᠦᠭᠡᠢ᠂ ᠪᠤᠯᠬᠤ ᠶᠢᠨ ᠳᠣᠳᠣᠷ᠎ᠠ ᠴᠢᠯᠦᠬᠡ ᠭᠤᠶᠤᠬᠤ ᠦᠬᠡᠢ᠃

ᠠᠵᠢᠯᠯᠠᠬᠤ ᠣᠷᠴᠢᠨ ᠲᠣᠭᠤᠷᠢᠨ ᠢᠶᠠᠨ ᠴᠡᠪᠡᠷ ᠲᠡᠭᠰᠢ ᠪᠠᠶᠢᠯᠭᠠᠨ᠎ᠠ᠃  

ᠠᠵᠢᠯ ᠡᠬᠢᠯᠡᠬᠦ ᠠᠴᠠ ᠡᠮᠦᠨ᠎ᠡ᠂ ᠬᠡᠳᠦᠨ ᠮᠢᠨᠦ᠋ᠲ ᠤᠨ ᠴᠠᠭ ᠭᠠᠷᠭᠠᠵᠦ ᠪᠠᠶᠢᠭᠠᠳ ᠡᠳᠦᠷ ᠤᠨ ᠠᠵᠢᠯ ᠢᠶᠠᠨ  ᠪᠢᠴᠢᠵᠦ‌‍ ᠲ᠋ᠠᠯᠪᠢᠨ᠎ᠠ᠃

ᠣᠴᠢᠷ ᠶᠠᠪᠤᠳᠠᠯ ᠢᠶᠠᠨ ᠤᠷᠢᠳᠴᠢᠯᠠᠨ ᠪᠣᠯᠵᠣᠵᠤ᠂ ᠬᠠᠭᠠᠯᠭ᠎ᠠ ᠬᠦᠩᠬᠡᠬᠡᠨ ᠲᠣᠭᠰᠢᠨ᠎ᠠ᠃

ᠣᠯᠠᠨ ᠨᠡᠢᠲᠡ ᠶᠢᠨ ᠲᠠᠯᠠᠪᠤᠷ ᠲᠤ ᠬᠤᠭ ᠨᠤᠪᠰᠢ ᠪᠠᠨ ᠴᠢᠷᠦᠬᠦ ᠦᠬᠡᠢ᠃ 

ᠬᠤᠷᠠᠯ ᠤᠨ ᠴᠠᠭ ᠲᠤ ᠭᠠᠷ ᠤᠲᠠᠰᠤ ᠣᠷᠣᠯᠳᠣᠬᠤ ᠦᠭᠡᠢ᠃ 

ᠠᠵᠢᠯ ᠤᠨ ᠴᠠᠭ ᠲᠤ ᠪᠢᠲᠡᠭᠡᠶ ᠪᠠᠶᠢᠨ ᠳᠠᠬᠢᠨ ᠤᠲᠠᠰᠤᠳᠠ᠃

ᠬᠡᠷᠪᠡ ᠠᠵᠢᠯ ᠢᠶᠠᠨ ᠴᠠᠭ ᠲᠠᠭᠠᠨ ᠳᠣᠰᠢᠶᠠᠵᠦ ᠠᠮᠵᠢᠭ᠎ᠠ ᠦᠭᠡᠢ  ᠪᠤᠶᠤ  ᠬᠡᠨᠡᠳᠳᠡ ᠣᠴᠢᠷ  ᠲᠠᠢ ᠪᠤᠯᠪᠠᠯ  ᠴᠠᠭ‌‍ᠲ᠋ᠤᠬᠠᠶ ᠳᠤᠨᠢ  ᠤᠳᠤᠷᠢᠳᠤᠯᠭ᠎ᠠ ᠳᠠᠭᠠᠨ  ᠮᠡᠳᠡᠭᠳᠡᠵᠦ᠂  ᠡᠪᠳᠡᠢ  ᠵᠤᠬᠢᠴᠠᠭᠤᠯᠤᠨ᠂  ᠬᠤᠬᠢᠷᠠᠯ  ᠠᠴᠠ  ᠠᠯᠢ ᠪᠤᠯᠬᠤ   ᠪᠡᠷ‌ ᠵᠠᠶᠢᠯᠠᠰᠬᠢᠨ᠎ᠠ᠃ 


ᠠᠮᠢᠳᠤᠷᠠᠯ ᠳᠣᠮᠳᠠ

ᠠᠵᠢᠯ᠂ ᠠᠮᠢᠳᠤᠷᠠᠯ ᠢᠶᠠᠨ ᠴᠠᠭ ᠲᠤ ᠨᠢ ᠳ᠋ᠦᠩᠨᠡᠵᠦ᠂ ᠬᠤᠭᠤᠴᠠᠭ᠎ᠠ  ᠳᠣᠭᠳᠠᠭᠠᠨ  ᠵᠣᠬᠢᠰᠲᠠᠶ ᠪᠠᠷ  ᠲᠥᠯᠥᠪᠵᠢᠭᠦᠯᠬᠦ ᠬᠡᠷᠡᠭᠲᠡᠶ᠃

ᠭᠤᠸ᠎ᠠ ᠰᠠᠶᠢᠬᠠᠨ ᠤ ᠳᠠᠯ᠎ᠠ ᠪᠠᠷ ᠠᠩᠬᠠᠷᠣᠯ ᠳᠠᠯᠪᠢᠵᠦ᠂ ᠦᠰᠦ ᠬᠡᠵᠢᠬᠡ ᠪᠠᠨ ᠳᠣᠭᠳᠠᠭᠰᠠᠨ ᠴᠠᠭ ᠳᠤ ᠨᠢ  ᠵᠠᠰᠠᠵᠤ᠂ᠰᠠᠬᠠᠯ ᠬᠤᠤᠵᠠ ᠪᠠᠨ ᠬᠤᠰᠤᠨ᠂ ᠣᠶᠢᠮᠤᠰᠦ ᠱᠠᠬᠠᠶ ᠪᠠᠨ ᠳᠡᠷᠢ ᠳᠡᠭᠰᠢ ᠪᠠᠶᠢᠯᠭᠠᠨ᠎ᠠ᠃

ᠬᠠᠮᠳᠦ ᠠᠮᠢᠳᠣᠷᠠᠵᠦ ᠪᠠᠶᠢᠭ᠎ᠠ  ᠪᠤᠰᠤᠳ ᠤᠨ ᠢᠶᠠᠨ ᠠᠮᠢᠳᠤᠷᠠᠯ ᠤᠨ  ᠳᠠᠳᠬᠠᠯ ᠢ ᠬᠦᠨᠳᠦᠳᠬᠡᠵᠦ᠂ ᠬᠠᠷᠢᠯᠴᠠᠨ‌ᠢᠲᠡᠭᠡᠯᠴᠡᠵᠦ᠂ ᠨᠥᠬᠦᠷᠰᠡᠭ ᠢᠶᠠᠷ ᠬᠠᠷᠢᠯᠴᠠᠨ᠎ᠠ᠃

ᠠᠮᠢᠳᠤᠷᠠᠯ ᠤᠨ ᠳᠤᠮᠳᠠᠬᠢ ᠰᠠᠢᠬᠠᠨ ᠰᠠᠢᠬᠠᠨ ᠢ ᠳᠡᠮᠳᠡᠭᠯᠡᠵᠦ ᠦᠯᠡᠳᠡᠭᠡ᠃ᠣᠳᠠᠰᠦ ᠰᠦᠯᠵᠢᠶᠠᠨ ᠳᠤ ᠴᠠᠭ ᠢᠶᠠᠨ ᠶᠡᠭᠡ ᠦᠷᠡᠬᠦ ᠦᠬᠡᠢ ᠪᠠᠶᠢᠵᠦ᠂ ᠨᠣᠮ ᠢᠯᠡᠭᠦᠦ ᠤᠩᠰᠢ᠃

ᠥᠪᠡᠷ ᠤᠨ ᠳᠤᠷ᠎ᠠ ᠰᠣᠨᠢᠷᠬᠠᠯ ᠲᠠᠢ᠂ ᠪᠤᠬᠢᠨᠢᠳᠣᠯ ᠢᠶᠠᠨ ᠳᠠᠶᠢᠯᠠᠬᠤ ᠠᠷᠭ᠎ᠠ ᠲᠠᠢ ᠪᠠᠶᠢᠬᠤ᠃

ᠶᠠᠪᠤᠭᠰᠠᠨ ᠬᠦᠷᠦᠭᠰᠡᠨ ᠭᠠᠵᠠᠷ ᠤᠨ ᠣᠷᠴᠢᠨ ᠲᠣᠭᠤᠷᠢᠨ ᠪᠤᠯᠤᠨ ᠥᠪᠡᠷ ᠢ ᠪᠠᠨ ᠴᠡᠪᠡᠷ ᠴᠡᠮᠴᠡᠭᠡᠷ ᠠᠪᠴᠦ  ᠶᠠᠪᠤᠬᠤ‌‍ ᠬᠡᠷᠡᠭᠳᠡᠢ᠃ 

ᠠᠪᠤ ᠡᠵᠢ ᠲᠠᠨᠢ ᠳᠡᠷᠭᠡᠳᠡ ᠴᠢᠨᠢ ᠪᠠᠶᠢᠬᠤ ᠦᠭᠡᠢ ᠪᠣᠯ ᠪᠠᠶᠢᠩᠭᠤ ᠣᠳᠠᠰᠦ ᠪᠠᠷ ᠶᠠᠷᠢᠵᠦ ᠪᠠᠢ᠃


ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ