2021 ᠤᠨ ᠤ 1 ᠰᠠᠷ᠎ᠠ ᠶᠢᠨ 13 ᠤ ᠡᠲᠦᠷ ᠪᠤᠯᠲᠠᠯ᠎ᠠ᠂  ᠤᠯᠤᠰ ᠤᠨ  ᠲᠤᠲᠤᠭᠠᠲᠦ ᠶᠢᠨ  ᠲᠤᠮᠲᠠ  ᠦᠨᠲᠦᠷ‌‍ ᠲ᠋ᠦ᠋ᠭᠰᠢᠬᠦᠷᠢ ᠲᠠᠢ  ᠭᠠᠵᠠᠷ  ᠤᠷᠤᠨ  ᠨᠢᠬᠡᠨᠳᠡ  85  ᠪᠤᠯᠵᠦ  ᠨᠡᠮᠡᠭᠳᠡᠨ᠂  ᠬᠢᠵᠢᠭ ᠢ  ᠰᠡᠷᠭᠡᠶᠢᠯᠡᠬᠦ   ᠠᠵᠢᠯ ᠢ  ᠲᠦᠪᠡᠭ‌‍ ᠪᠤᠲᠤᠯᠢᠶᠠᠨ ᠲᠠᠢ ᠪᠤᠯᠭᠠᠵᠠᠢ᠃ ᠬᠢᠵᠢᠭ ᠤᠨ ᠬᠤᠭᠤᠴᠠᠭᠠᠨ ᠳᠤ ᠪᠢᠳᠡ  ᠴᠤᠬᠤᠮ  ᠶᠠᠭᠤ ᠶᠢ  ᠠᠩᠬᠠᠷᠪᠠᠯ  ᠵᠤᠬᠢᠬᠤ  ᠪᠢᠯᠡ︖ᠲᠤᠤᠷ᠎ᠠ 10 ᠵᠦᠢᠯ ᠢ ᠰᠠᠨᠠᠭᠤᠯᠤᠶ᠎ᠠ᠄

1.ᠲᠦᠭᠰᠢᠬᠦᠷᠢ ᠶᠢ ᠤᠮᠲᠤᠭᠠᠶᠢᠯᠠᠵᠦ ᠪᠤᠯᠬᠤ ᠦᠬᠡᠢ᠂ ᠡᠲᠦᠷ  ᠬᠦᠢᠳᠡᠷᠡᠭᠰᠡᠨ ᠨᠢ  ᠸᠢᠷᠦ᠋ᠰ ᠤᠨ  ᠦᠷᠡᠵᠢᠬᠦ ᠳ᠋ᠤ᠋‌‍ᠲ᠋ᠤᠬᠢᠷᠠᠬᠰᠠᠨ  ᠪᠤᠯᠬᠤᠷ  ᠬᠠᠯᠲᠠᠪᠦᠷᠢᠯᠠᠬᠲᠠᠬᠤ  ᠠᠶᠤᠯ  ᠴᠦ  ᠲᠠᠭᠠᠯᠲᠤᠭᠠᠳ  ᠨᠡᠮᠡᠭᠳᠡᠵᠦ   ᠪᠤᠢ᠂   ᠰᠤᠨᠤᠷ   ᠰᠡᠷᠡᠮᠵᠢ ᠪᠠᠨ‌‍ ᠲ᠋ᠡᠭᠡᠭᠰᠢᠯᠡᠬᠦᠯᠪᠡᠯ ᠵᠤᠬᠢᠨ᠎ᠠ᠃

2.ᠬᠤᠪᠢ ᠪᠡᠶ᠎ᠡ ᠪᠠ ᠭᠡᠷ ᠤᠨ ᠬᠦᠮᠦᠰ ᠤᠨ ᠢᠶᠠᠨ ᠭᠠᠲᠠᠭᠠᠲᠦ ᠠᠴᠠ ᠪᠤᠶᠤ ᠬᠢᠵᠢᠭ ᠤᠨ ᠡᠬᠦᠰᠦᠯ ᠤᠨ ᠤᠷᠤᠨ ᠡᠴᠠ‌‍ ᠪᠤᠴᠠᠵᠦ ᠢᠷᠡᠭᠰᠡᠨ  ᠰᠤᠷᠠᠭ ᠢ  ᠨᠢᠭᠤᠵᠦ  ᠪᠤᠯᠬᠤ  ᠦᠬᠡᠢ᠂  ᠰᠠᠨᠠᠭᠠᠴᠢᠯᠠᠭ᠎ᠠ ᠠᠴᠠ ᠪᠠᠨ  ᠨᠡᠶᠢᠬᠡᠮ  ᠲᠤᠭᠤᠷᠢᠭ  (ᠭᠠᠴᠠᠭ᠎ᠠ‌‍ ᠲ᠋ᠤᠰᠬᠤᠨ) ᠲᠤ ᠪᠦᠷᠢᠳᠭᠡᠯᠭᠡᠨ᠂ ᠬᠢᠵᠢᠭ ᠠᠴᠠ ᠰᠡᠷᠭᠡᠶᠢᠯᠡᠨ ᠬᠢᠵᠢᠭ ᠢ  ᠡᠵᠡᠮᠳᠡᠬᠦ  ᠪᠦᠲᠦᠮᠵᠢᠳᠡᠢ  ᠠᠷᠭ᠎ᠠ  ᠬᠡᠮᠵᠢᠶ᠎ᠡ  ᠠᠪᠤᠪᠠᠯ‌ᠵᠤᠬᠢᠨ᠎ᠠ᠃       

3.ᠤᠯᠠᠨ ᠲᠦᠮᠡᠨᠴᠢ ᠠᠵᠢᠯᠯᠠᠭ᠎ᠠ ᠶᠢ  ᠵᠤᠬᠢᠶᠠᠨ  ᠪᠠᠶᠢᠭᠤᠯᠵᠤ  ᠪᠤᠯᠬᠤ  ᠦᠬᠡᠢ᠂  ᠪᠤᠯᠭᠤᠭᠠᠨ  ᠲᠤᠬᠤᠨᠢᠭᠤᠯᠬᠤ᠂ᠦᠳᠡᠰᠢᠯᠡᠭᠡ ᠴᠤᠭᠯᠠᠭᠠᠨ ᠡᠷᠬᠢᠯᠡᠬᠦ᠂ ᠬᠤᠭᠤᠯᠠᠯᠠᠨ ᠨᠠᠶᠢᠷᠯᠠᠬᠤ᠂  ᠰᠦᠮ᠎ᠡ ᠶᠢᠨ  ᠬᠤᠷᠠᠯ ᠳᠤ  ᠤᠷᠤᠯᠴᠠᠬᠤ  ᠡᠰᠡᠬᠦᠯ᠎ᠡ  ᠰᠢᠨ᠎ᠡ‌ ᠵᠢᠯ ᠤᠨ ᠴᠤᠭᠯᠠᠭᠠᠨ ᠵᠡᠷᠭᠡ ᠶᠢ ᠵᠤᠬᠢᠶᠠᠨ ᠪᠠᠶᠢᠭᠤᠯᠵᠤ ᠪᠤᠯᠬᠤ ᠦᠬᠡᠢ᠃ ᠡᠷᠬᠡᠪᠰᠢ  ᠵᠤᠬᠢᠶᠠᠨ  ᠪᠠᠶᠢᠭᠤᠯᠬᠤ  ᠴᠢᠬᠤᠯᠠᠳᠠᠢ  ᠪᠤᠯ‌‍ᠲ᠋ᠡᠭᠡᠭᠰᠢ ᠮᠡᠳᠡᠬᠦᠯᠬᠦ ᠭᠡᠷᠡᠭᠳᠡᠢ᠃       

4.ᠡᠪᠡᠳᠴᠢᠯᠡᠭᠰᠡᠨ  ᠪᠠᠶᠢᠳᠠᠯ  ᠲᠤᠤᠷ᠎ᠠ  ᠪᠡᠶ᠎ᠡ ᠪᠠᠨ  ᠠᠯᠪᠠᠲᠠᠵᠦ  ᠠᠵᠢᠯᠯᠠᠵᠦ  ᠰᠤᠷᠤᠯᠴᠠᠬᠤ᠂  ᠵᠢᠭᠤᠯᠴᠢᠯᠠᠬᠤ᠂ᠴᠤᠭᠯᠠᠭᠠᠨ ᠳᠤ ᠤᠷᠤᠯᠴᠠᠬᠤ ᠵᠡᠷᠭᠡ ᠶᠢ ᠲᠡᠪᠴᠢᠪᠡᠯ  ᠵᠤᠬᠢᠨ᠎ᠠ᠃  ᠭᠡᠷᠪᠡ  ᠠᠮᠢᠰᠬᠤᠯ ᠤᠨ  ᠵᠠᠮ ᠤᠨ  ᠡᠪᠡᠳᠴᠢᠨ ᠤ  ᠢᠯᠡᠷᠡᠯ‌ᠡᠬᠦᠰᠬᠦ᠂ ᠤᠨᠴᠠᠭᠠᠶᠢᠯᠠᠨ ᠬᠠᠯᠠᠭᠤᠷᠠᠬᠤ᠂ ᠬᠠᠨᠢᠶᠠᠬᠤ᠂ ᠠᠮᠢᠰᠬᠤᠯ ᠪᠠᠴᠢᠮᠲᠠᠬᠤ ᠵᠡᠷᠭᠡ ᠪᠠᠶᠢᠲᠠᠯ  ᠢᠯᠡᠷᠡᠪᠡᠯ  ᠴᠠᠭ  ᠲᠤᠬᠠᠢ ᠳ᠋ᠤᠨᠢ‌ ᠨᠡᠶᠢᠬᠡᠮ ᠲᠤᠭᠤᠷᠢᠭ (ᠭᠠᠴᠠᠭ᠎ᠠ ᠲᠤᠰᠬᠤᠨ) ᠲᠠᠭᠠᠨ  ᠮᠡᠳᠡᠬᠦᠯᠵᠦ᠂  ᠬᠤᠪᠢ  ᠬᠦᠮᠦᠨ ᠤ  ᠬᠠᠮᠠᠭᠠᠯᠠᠯᠲᠠ  ᠰᠡᠷᠭᠡᠶᠢᠯᠡᠯᠳᠡ ᠪᠠᠨ‌‍ᠰᠠᠶᠢᠲᠦᠷ ᠬᠢᠬᠦ ᠶᠢᠨ ᠬᠠᠮᠳᠤ ᠡᠮᠨᠡᠯᠭᠡ ᠳᠤ ᠬᠦᠷᠴᠦ ᠡᠮᠨᠡᠬᠦᠯᠬᠦ ᠭᠡᠷᠡᠭᠳᠡᠢ᠃       

5.ᠲᠦᠬᠦᠬᠡᠢ ᠢᠳᠡᠭᠡᠨ᠂ ᠬᠦᠯᠳᠡᠭᠡᠭᠰᠡᠨ ᠢᠳᠡᠭᠡᠨ ᠵᠡᠷᠭᠡ ᠶᠢ ᠢᠳᠡᠬᠦ ᠦᠭᠡᠢ ᠪᠠᠶᠢᠬᠤ᠃ ᠬᠦᠯᠳᠡᠭᠡᠭᠰᠡᠨ  ᠢᠳᠡᠭᠡᠨ ᠢ‌ᠬᠤᠲᠠᠯᠲᠤᠨ ᠠᠪᠬᠤ ᠳᠠᠭᠠᠨ ᠡᠷᠭᠡᠪᠰᠢ ᠠᠮᠠᠪᠴᠢ ᠪᠠ ᠨᠢᠬᠡ ᠯᠠ ᠤᠲᠠᠭ᠎ᠠ ᠭᠡᠷᠡᠭᠯᠡᠬᠦ ᠪᠡᠭᠡᠯᠠᠢ ᠵᠡᠬᠦᠵᠦ᠂ ᠢᠳᠡᠭᠡᠨ ᠲᠠᠢ  ᠰᠢᠭᠤᠳ‌‍ᠬᠦ᠋ᠷᠦᠯᠴᠡᠬᠦ ᠦᠬᠡᠢ ᠪᠠᠶᠢᠪᠠᠯ ᠵᠤᠬᠢᠨ᠎ᠠ᠃       

6.ᠦᠨᠲᠦᠷ ᠲᠦᠭᠰᠢᠬᠦᠷᠢ ᠲᠠᠢ ᠤᠯᠤᠰ ᠪᠤᠶᠤ ᠭᠠᠵᠠᠷ ᠤᠷᠤᠨ ᠠᠴᠠ  ᠰᠦᠯᠵᠢᠶᠡᠨ  ᠪᠦᠲᠦᠭᠡᠭᠳᠡᠬᠦᠨ  ᠬᠤᠲᠠᠯᠲᠤᠨ‌ ᠠᠪᠬᠤ ᠦᠭᠡᠢ ᠪᠠᠶᠢᠬᠤ᠃ ᠪᠤᠭᠤᠲᠠᠯ ᠪᠠᠭᠯᠠᠭ᠎ᠠ ᠪᠠ ᠪᠠᠷᠠᠭ᠎ᠠ ᠲᠠᠸᠠᠷ ᠢ 75% ᠶᠢᠨ ᠰᠫᠢᠷᠲ ᠢᠶᠠᠷ ᠠᠷᠢᠭᠤᠳᠬᠠᠨ᠎ᠠ᠂ ᠭᠠᠷ ᠵᠶ᠋ᠠᠨ‌ᠠᠮᠠ᠂ ᠬᠠᠮᠠᠷ᠂ ᠨᠢᠲᠦ ᠵᠡᠷᠭᠡ ᠲᠠᠢ ᠪᠠᠨ ᠬᠦᠷᠦᠯᠴᠡᠬᠦᠯᠬᠦ ᠦᠭᠡᠢ ᠪᠠᠶᠢᠵᠤ᠂ ᠲᠠᠷᠦ᠋ᠢᠬᠠᠨ ᠤᠬᠢᠶᠠᠵᠦ ᠠᠷᠢᠭᠤᠳᠬᠠᠬᠤ ᠭᠡᠷᠡᠭᠳᠡᠢ᠃       

7.ᠠᠮᠠᠪᠴᠢ ᠵᠡᠬᠦᠭᠰᠡᠨ ᠦᠬᠡᠢ ᠪᠠᠶᠢᠲᠠᠯ  ᠲᠤᠤᠷ᠎ᠠ  ᠬᠤᠲᠠᠯᠲᠤᠭ᠎ᠠ  ᠲᠡᠯᠭᠡᠬᠦᠷ᠂  ᠨᠤᠭᠤᠭ᠎ᠠ ᠶᠢᠨ  ᠵᠠᠬ᠎ᠠ᠂  ᠤᠯᠠᠨ‌ᠨᠡᠶᠢᠳᠡ ᠶᠢᠨ ᠭᠠᠵᠠᠷ ᠲᠤ ᠤᠴᠢᠬᠤ ᠦᠬᠡᠢ᠂ ᠨᠡᠶᠢᠳᠡ ᠶᠢᠨ ᠮᠠᠰᠢᠨ ᠳᠤ ᠰᠠᠭᠤᠬᠤ ᠦᠬᠡᠢ ᠪᠠᠶᠢᠪᠠᠯ ᠵᠤᠬᠢᠨ᠎ᠠ᠃ ᠠᠮᠠᠪᠴᠢ  ᠡᠰᠡ‌ᠵᠡᠬᠦᠭᠰᠡᠳ ᠢ ᠤᠯᠠᠨ ᠨᠡᠶᠢᠳᠡ ᠶᠢᠨ ᠲᠠᠯᠠᠪᠤᠷ ᠲᠤ ᠤᠷᠤᠭᠤᠯᠵᠤ ᠪᠤᠯᠬᠤ ᠦᠬᠡᠢ᠃       

8.ᠭᠡᠷᠡᠭᠯᠡᠵᠦ  ᠦᠩᠭᠡᠷᠡᠭᠰᠡᠨ  ᠠᠮᠠᠪᠴᠢ ᠪᠠᠨ  ᠲᠤᠷ᠎ᠠ ᠪᠠᠷ ᠢᠶᠠᠨ   ᠬᠠᠶᠠᠵᠦ   ᠪᠤᠯᠬᠤ   ᠦᠬᠡᠢ᠂   ᠰᠢᠨᠵᠢᠯᠡᠬᠦ‍‌ ᠤᠬᠠᠭᠠᠨᠴᠢ ᠪᠠᠷ ᠰᠢᠢᠳᠪᠦᠷᠢᠯᠡᠵᠦ᠂ ᠬᠤᠤᠷᠲᠦ ᠬᠤᠭ ᠨᠤᠪᠰᠢ ᠶᠢ ᠰᠢᠢᠳᠪᠦᠷᠢᠯᠡᠳᠡᠭ ᠬᠤᠭ ᠤᠨ ᠰᠠᠪᠠᠨ ᠳᠤ ᠬᠠᠶᠠᠬᠤ ᠭᠡᠷᠡᠭᠳᠡᠢ᠃       

  1. 9. ᠪᠤᠰᠤᠳ ᠬᠦᠮᠦᠨ ᠤ ᠬᠤᠪᠢ ᠶᠢᠨ ᠨᠢᠭᠤᠴᠠ ᠶᠢ  ᠲᠤᠷ᠎ᠠ ᠪᠠᠷ ᠢᠶᠠᠨ  ᠵᠠᠲᠠᠷᠠᠭᠤᠯᠵᠦ  ᠪᠤᠯᠬᠤ  ᠦᠬᠡᠢ᠃  ᠡᠷᠭᠡ‌‍ᠰᠦ᠋ᠷᠲᠦ ᠮᠡᠳᠡᠭᠡ ᠵᠠᠩᠬᠢ ᠶᠢᠨ ᠨᠡᠶᠢᠳᠡᠯᠡᠯ ᠢ ᠤᠯᠬᠤ ᠠᠴᠠ  ᠡᠮᠦᠨ᠎ᠡ  ᠴᠤᠤᠷᠬᠠᠯ  ᠲᠠᠷᠬᠠᠭᠠᠵᠦ  ᠪᠤᠯᠬᠤ  ᠦᠬᠡᠢ᠂  ᠴᠤᠤᠷᠬᠠᠯ ᠢ‌ᠢᠳᠡᠭᠡᠵᠦ ᠪᠤᠯᠬᠤ ᠦᠬᠡᠢ᠂ ᠲᠤᠷ᠎ᠠ ᠪᠠᠷ ᠮᠡᠳᠡᠭᠡ ᠵᠠᠩᠬᠢ ᠲᠠᠮᠵᠢᠭᠤᠯᠤᠨ ᠲᠠᠷᠬᠠᠭᠠᠵᠦ ᠪᠤᠯᠬᠤ ᠦᠬᠡᠢ᠃       

  2. 10. ᠬᠢᠵᠢᠭ ᠢ ᠰᠡᠷᠭᠡᠶᠢᠯᠡᠵᠦ ᠬᠢᠵᠢᠭ ᠢ ᠡᠵᠡᠮᠳᠡᠬᠦ  ᠠᠵᠢᠯ ᠢ  ᠬᠠᠷᠰᠢᠯᠠᠵᠦ᠂  ᠰᠠᠮᠠᠭᠤᠷᠠᠭᠤᠯᠵᠦ  ᠪᠤᠯᠬᠤ  ᠦᠬᠡᠢ᠂ᠬᠢᠵᠢᠭ ᠢ ᠰᠡᠷᠭᠡᠶᠢᠯᠡᠵᠦ ᠬᠢᠵᠢᠭ ᠢ ᠡᠵᠡᠮᠳᠡᠬᠦ ᠲᠤᠭᠲᠠᠭᠠᠯ ᠢ ᠴᠢᠩᠭ᠎ᠠ ᠵᠢᠷᠤᠮᠯᠠᠪᠠᠯ ᠵᠤᠬᠢᠨ᠎ᠠ᠃




ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ