1᠂ ᠡᠷᠳᠡ ᠤᠨᠳᠠᠵᠤ ᠡᠷᠳᠡ ᠪᠤᠰᠤᠨ᠎ᠠ᠄ ᠡᠮᠨᠡᠯᠬᠡ ᠲᠡᠭᠡᠷ᠎ᠡ 《ᠵᠤᠨ ᠤ ᠠᠭᠤᠷ ᠠᠮᠢᠰᠬᠤᠯ ᠵᠢᠷᠦᠬᠡᠨ ᠲᠠᠮᠢᠷ ᠲᠠᠢ ᠨᠡᠪᠳᠡᠷᠡᠯᠴᠡᠨ᠎ᠠ》 ᠬᠡᠵᠦ ᠦᠵᠡᠳᠡᠭ ᠠᠴᠠ ᠵᠤᠨ ᠤ ᠠᠭᠤᠷ ᠤᠷᠤᠪᠠᠯ ᠡᠷᠳᠡ ᠤᠨᠳᠠᠨ ᠡᠷᠳᠡ ᠪᠤᠰᠴᠤ᠂ 《ᠨᠠᠮ ᠰᠤᠪᠢᠯᠠᠬᠤ》 ᠶᠢ ᠴᠢᠬᠤᠯᠠᠴᠢᠯᠠᠨ᠂ ᠬᠦᠳᠡᠯᠬᠡᠬᠡᠨ ᠤ ᠲᠠᠷᠠᠭ᠎ᠠ ᠱᠠᠯ ᠬᠦᠯᠦᠷᠡᠵᠦ᠂ ᠬᠦᠯᠦᠰᠦ ᠠᠷᠭ᠎ᠠ ᠶᠢᠨ ᠲᠠᠮᠢᠷ ᠢ ᠬᠡᠮᠳᠦᠬᠡᠬᠦ ᠠᠴᠠ ᠵᠠᠶᠢᠯᠠᠨ᠎ᠠ᠃ ᠢᠳᠡᠬᠡᠨ ᠤᠮᠳᠠᠭᠠᠨ ᠤ ᠲᠠᠯ᠎ᠠ ᠪᠠᠷ ᠬᠦᠴᠢᠯᠢᠭ ᠵᠦᠢᠯ ᠢ ᠢᠯᠡᠬᠦᠦ ᠢᠳᠡᠵᠦ ᠤᠤᠭᠤᠨ᠂ ᠭᠠᠰᠢᠭᠤᠨ ᠵᠦᠢᠯ ᠢ ᠪᠠᠭᠠᠰᠬᠠᠵᠤ᠂ ᠪᠦᠬᠡᠷᠡᠨ ᠲᠡᠵᠢᠬᠡᠯ ᠢ ᠨᠦᠬᠦᠵᠦ᠂ ᠡᠯᠢᠬᠡ ᠶᠢ ᠴᠢᠬᠢᠷᠠᠭᠵᠢᠭᠤᠯᠤᠨ᠂ ᠬᠤᠳᠤᠭᠤᠳᠤᠨ ᠲᠠᠮᠢᠷ ᠢ ᠰᠡᠯᠪᠢᠬᠦ ᠵᠠᠷᠴᠢᠮ ᠢ ᠵᠢᠷᠤᠮᠯᠠᠨ᠎ᠠ᠃ ᠦᠬᠡᠷ᠎ᠡ ᠪᠠᠷ ᠬᠡᠯᠡᠪᠡᠯ ᠲᠤᠰᠤ᠂ ᠲᠠᠪᠤᠰᠤ᠂ ᠰᠢᠬᠢᠷ ᠪᠠᠭ᠎ᠠ᠂ ᠭᠠᠰᠢᠭᠤᠨ ᠭᠤᠱᠤᠭᠤᠨ ᠪᠤᠰᠤ ᠢᠳᠡᠬᠡᠨ ᠢᠶᠠᠷ ᠭᠤᠤᠯᠳᠠᠭᠤᠯᠵᠤ᠂ ᠢᠳᠡᠰᠢᠨ ᠨᠤᠭᠤᠭ᠎ᠠ᠂ ᠵᠢᠮᠢᠰ᠂ ᠪᠦᠳᠦᠬᠦᠯᠢᠭ ᠠᠮᠤ ᠢᠯᠡᠬᠦᠦ ᠢᠳᠡᠨ᠎ᠡ᠃ ᠦᠷᠯᠦᠬᠡ ᠪᠤᠰᠬᠤ ᠠᠴᠠ ᠪᠠᠨ ᠤᠷᠢᠳ ᠬᠡᠳᠦᠨ ᠬᠦᠡᠭᠭᠡᠨ ᠬᠦᠳᠡᠯᠬᠡᠬᠡᠨ ᠬᠢᠪᠡᠯ ᠪᠡᠶ᠎ᠡ ᠶᠢᠨ ᠴᠢᠨᠰᠠᠭ᠎ᠠ ᠶᠢ ᠴᠢᠬᠢᠷᠠᠭᠵᠢᠭᠤᠯᠬᠤ ᠳᠤ ᠲᠤᠰᠠᠳᠠᠢ᠃ ᠡᠮᠨᠡᠯᠬᠡ ᠶᠢᠨ ᠶᠤᠰᠤ ᠪᠠᠷ ᠪᠡᠶ᠎ᠡ ᠰᠤᠪᠢᠯᠠᠪᠠᠯ ᠨᠠᠰᠤᠨ ᠬᠤᠳᠤᠭ ᠤᠷᠳᠤᠰᠠᠨ᠎ᠠ᠃    

2᠂ ᠰᠤᠯᠠᠪᠳᠤᠷ ᠠᠮᠳᠠ ᠲᠠᠢ ᠢᠳᠡᠬᠡᠨ ᠢᠳᠡᠨ᠎ᠠ᠄ ᠵᠤᠨ ᠤ ᠠᠭᠤᠷ ᠠᠴᠠ ᠬᠤᠶᠢᠰᠢ ᠠᠭᠠᠷ ᠠᠮᠢᠰᠬᠤᠯ ᠠᠭᠠᠵᠢᠮ ᠢᠶᠠᠷ ᠪᠦᠭᠴᠢᠮ ᠎ᠠ ᠪᠤᠯᠳᠠᠭ ᠠᠴᠠ ᠬᠦᠮᠦᠰ ᠪᠠᠴᠢᠮᠳᠠᠨ᠂ ᠬᠠᠯᠠᠭᠤᠳᠠᠵᠤ᠂ ᠢᠳᠡᠵᠦ ᠤᠤᠭᠤᠬᠤ ᠨᠢ ᠴᠤ ᠬᠠᠰᠤᠭᠳᠠᠳᠠᠭ᠃ ᠲᠡᠶᠢᠨ ᠬᠦ ᠵᠤᠨ ᠤ ᠴᠠᠭ ᠤᠨ ᠢᠳᠡᠬᠡᠨ ᠤᠮᠳᠠᠭᠠᠨ ᠤ ᠵᠠᠷᠴᠢᠮ ᠪᠤᠯ 《ᠠᠷᠭ᠎ᠠ ᠶᠢᠨ ᠲᠠᠮᠢᠷ ᠢ ᠲᠡᠵᠢᠬᠡᠨ᠎ᠡ》᠃ ᠠᠷᠭ᠎ᠠ ᠶᠢᠨ ᠲᠠᠮᠢᠷ ᠢ ᠲᠡᠵᠢᠬᠡᠬᠦ ᠳᠤ ᠵᠢᠷᠦᠬᠡ ᠶᠢ ᠲᠠᠮᠢᠷᠵᠢᠭᠤᠯᠬᠤ ᠪᠠᠷ ᠭᠤᠤᠯᠳᠠᠭᠤᠯᠤᠨ᠎ᠠ᠃ ᠡᠬᠦᠨ ᠳᠤ ᠦᠨᠢᠶᠡᠨ ᠰᠦ᠂ ᠪᠤᠷᠴᠠᠭ ᠤᠨ ᠦᠢᠯᠡᠳᠬᠦᠨ ᠢ ᠢᠯᠡᠬᠦᠦ ᠤᠤᠭᠤᠵᠤ ᠢᠳᠡᠨ᠎ᠠ᠃ ᠲᠡᠭᠡᠪᠡᠯ ᠲᠠᠬᠢᠶᠠᠨ ᠮᠢᠬ᠎ᠠ᠂ ᠬᠠᠷ᠎ᠠ ᠮᠢᠬ᠎ᠠ ᠵᠡᠷᠬᠡ ᠨᠢ ᠰᠢᠮ᠎ᠠ ᠲᠡᠵᠢᠬᠡᠯ ᠨᠦᠬᠦᠪᠦᠷᠢᠯᠡᠬᠦ ᠪᠠᠷ ᠪᠠᠷᠠᠬᠤ ᠦᠬᠡᠢ ᠵᠢᠷᠦᠬᠡ ᠶᠢ ᠬᠦᠴᠦᠵᠢᠬᠦᠯᠬᠦ ᠦᠢᠯᠡᠳᠦᠯ ᠲᠠᠢ᠃ ᠢᠳᠡᠵᠦ ᠤᠤᠭᠤᠬᠤ ᠳᠠᠭᠠᠨ ᠲᠠᠪᠤᠰᠤ᠂ ᠰᠢᠬᠢᠷ᠂ ᠲᠤᠰᠤ ᠪᠠᠭᠠᠳᠠᠢ᠂ ᠭᠠᠰᠢᠭᠤᠨ ᠭᠤᠱᠤᠭᠤᠨ ᠪᠤᠰᠤ᠂ ᠸᠢᠲ᠋ᠠᠮᠢᠨ ᠡᠯᠪᠡᠭ ᠠᠮᠠᠷᠬᠠᠨ ᠰᠢᠩᠭᠡᠳᠡᠭ ᠢᠳᠡᠬᠡᠨ ᠢᠶᠠᠷ ᠭᠤᠤᠯᠳᠠᠭᠤᠯᠤᠨ᠎ᠠ᠃ ᠨᠤᠭᠤᠭᠠᠨ ᠪᠤᠷᠴᠠᠭ᠂ ᠯᠢᠩᠬᠸ᠎ᠠ ᠶᠢᠨ ᠦᠷ᠎ᠠ᠂ ᠯᠢᠩᠬᠸ᠎ᠠ ᠶᠢᠨ ᠨᠠᠪᠴᠢ᠂ ᠬᠤᠯᠤᠰᠤᠨ ᠦᠨᠳᠦᠰᠦ᠂ ᠬᠠᠪᠳᠠᠭᠠᠢ ᠪᠤᠷᠴᠠᠭ ᠵᠡᠷᠬᠡ ᠶᠢ ᠲᠤᠳᠤᠷᠭ᠎ᠠ ᠲᠠᠢ ᠴᠤᠭ ᠴᠢᠨᠠᠵᠤ ᠰᠢᠩᠭᠡᠨ ᠪᠤᠳᠠᠭ᠎ᠠ ᠪᠤᠯᠭᠠᠭᠠᠳ ᠬᠦᠷᠦᠬᠡᠴᠢᠬᠡᠬᠡᠳ ᠢᠳᠡᠪᠡᠯ ᠬᠤᠳᠤᠭᠤᠳᠤ ᠶᠢ ᠴᠢᠬᠢᠷᠠᠭᠵᠢᠭᠤᠯᠵᠤ᠂ ᠬᠠᠯᠠᠭᠤᠨ ᠢ ᠰᠠᠷᠨᠢᠭᠤᠯᠬᠤ ᠦᠢᠯᠡᠳᠦᠯ ᠲᠠᠢ᠃ ᠶᠡᠷᠦ ᠶᠢᠨ ᠦᠶ᠎ᠡ ᠳᠡᠭᠡᠨ ᠨᠤᠭᠤᠭ᠎ᠠ᠂ ᠵᠢᠮᠢᠰ᠂ ᠪᠦᠲᠦᠬᠦᠯᠢᠭ ᠠᠮᠤ ᠢᠯᠡᠬᠦᠦ ᠢᠳᠡᠪᠡᠯ ᠰᠢᠷᠬᠡᠭᠯᠢᠭ᠂ ᠸᠢᠲ᠋ᠠᠮᠢᠨ B᠂ C ᠶᠢᠨ ᠬᠠᠨᠭ᠍ᠭᠠᠯᠭ᠎ᠠ ᠨᠡᠮᠡᠭᠳᠡᠬᠦ ᠪᠤᠯᠬᠤᠷ ᠯᠤᠭᠰᠢᠭᠤᠨ ᠰᠤᠳᠠᠯ ᠤᠨ ᠬᠠᠳᠠᠭᠤᠷᠠᠯ ᠢ ᠤᠷᠢᠳᠴᠢᠯᠠᠨ ᠰᠡᠷᠬᠡᠶᠢᠯᠡᠬᠦ ᠦᠢᠯᠡᠳᠦᠯ ᠲᠠᠢ᠃

3᠂ ᠰᠡᠳᠬᠢᠯ ᠰᠠᠨᠠᠭ᠎ᠠ ᠪᠠᠷ ᠢᠶᠠᠨ ᠪᠡᠶ᠎ᠡ ᠪᠠᠨ ᠰᠤᠪᠢᠯᠠᠨ᠎ᠠ᠄ ᠪᠡᠶ᠎ᠡ ᠰᠤᠪᠢᠯᠠᠯᠭ᠎ᠠ ᠶᠢᠨ ᠲᠤᠰᠬᠠᠢ ᠮᠡᠷᠬᠡᠵᠢᠯᠳᠡᠨ ᠠᠴᠠ ᠵᠤᠨ ᠤ ᠠᠭᠤᠷ ᠠᠴᠠ ᠬᠤᠶᠢᠰᠢ ᠠᠭᠤᠷ ᠠᠮᠢᠰᠬᠤᠯ ᠠᠭᠠᠬᠢᠮ᠎ᠠ ᠬᠠᠯᠠᠭᠤᠨ ᠪᠤᠯᠳᠠᠭ ᠠᠴᠠ ᠬᠦᠮᠦᠨ ᠤ ᠤᠷᠮ᠎ᠠ ᠰᠡᠳᠬᠢᠯ ᠠᠮᠠᠷᠬᠠᠨ ᠨᠦᠯᠦᠬᠡᠯᠡᠭᠳᠡᠵᠦ᠂ ᠪᠤᠳᠤᠯ ᠰᠠᠨᠠᠭ᠎ᠠ ᠲᠤᠭᠳᠠᠪᠤᠷᠢ ᠦᠬᠡᠢ ᠪᠤᠯᠬᠤ ᠦᠵᠡᠭᠳᠡᠯ ᠢᠯᠡᠷᠡᠳᠡᠭ᠃ ᠲᠡᠶᠢᠨ ᠬᠦ ᠡᠨᠡ ᠴᠠᠭ ᠤᠯᠠᠷᠢᠯ ᠳᠤ ᠬᠦᠮᠦᠰ ᠤᠶᠤᠨ ᠰᠠᠨᠠᠭᠠᠨ ᠤ ᠰᠤᠪᠢᠯᠠᠯᠳᠠ ᠶᠢ ᠬᠤᠪᠢ ᠶᠢᠨ ᠭᠠᠳᠠᠨ᠎ᠠ ᠴᠢᠬᠤᠯᠠᠴᠢᠯᠠᠵᠤ᠂ ᠵᠢᠷᠦᠬᠡ ᠪᠠᠨ ᠬᠠᠮᠠᠭᠠᠯᠠᠬᠤ ᠶᠢ ᠴᠢᠩᠭᠠᠳᠬᠠᠬᠤ ᠬᠡᠷᠡᠭᠳᠡᠢ ᠬᠡᠵᠦ ᠤᠯᠠᠨ ᠳᠤ ᠰᠠᠨᠠᠭᠤᠯᠤᠨ ᠪᠠᠶᠢᠨ᠎ᠠ᠃ ᠢᠯᠠᠩᠭᠤᠶ ᠎ᠠ ᠨᠠᠰᠤᠳᠠᠢ ᠬᠦᠮᠦᠨ ᠬᠡᠳᠦ ᠲᠤᠭᠳᠤᠯᠵᠤ ᠪᠤᠯᠬᠤ ᠦᠬᠡᠢ᠃ ᠪᠠᠶᠠᠷ ᠪᠠᠶᠠᠰᠬᠤᠯᠠᠩᠳᠠᠢ᠂ ᠠᠮᠤᠷ ᠰᠡᠯᠡᠬᠦᠨ ᠮᠦᠷᠳᠡᠬᠡᠨ ᠠᠭᠤᠵᠢᠭᠤ ᠲᠡᠨᠢᠬᠦᠨ ᠪᠠᠶᠢᠵᠤ ᠦᠡᠭᠭᠡᠷᠡᠦ ᠪᠠᠶᠠᠷᠯᠠᠵᠤ ᠭᠤᠳᠤᠷᠠᠬᠤ ᠶᠢ ᠴᠡᠭᠡᠷᠯᠡᠨ᠎ᠡ᠃    

4᠂ ᠴᠢᠰᠤᠨ ᠬᠠᠯᠠᠭᠤᠨ ᠢ ᠠᠷᠢᠯᠭᠠᠬᠤ ᠶᠢ ᠠᠩᠬᠠᠷᠤᠨ᠎ᠠ᠄ ᠵᠤᠨ ᠤ ᠠᠭᠤᠷ ᠠᠴᠠ ᠬᠤᠶᠢᠰᠢ ᠴᠢᠰᠤᠨ ᠤ ᠬᠠᠯᠠᠭᠤᠨ ᠬᠦᠮᠦᠰ ᠢ ᠤᠯᠠᠨ ᠵᠦᠢᠯ ᠤᠨ ᠲᠠᠭ᠎ᠠ ᠦᠬᠡᠢ ᠪᠠᠶᠢᠳᠠᠯ ᠲᠠᠢ ᠪᠤᠯᠭᠠᠳᠠᠭ᠃ ᠲᠠᠮᠢᠷ ᠲᠤᠷᠤᠢ ᠮᠦᠷᠳᠡᠬᠡᠨ ᠴᠢᠰᠤᠨ ᠬᠠᠯᠠᠭᠤᠨ ᠲᠠᠢ ᠪᠤᠯ ᠬᠦᠮᠦᠨ ᠤ ᠰᠢᠩᠭᠡᠭᠡᠯᠳᠡ ᠶᠢᠨ ᠴᠢᠳᠠᠪᠤᠷᠢ ᠨᠦᠯᠦᠬᠡᠯᠡᠭᠳᠡᠳᠡᠭ᠃ ᠲᠡᠶᠢᠨ ᠬᠦ ᠡᠷᠢᠨ ᠪᠤᠯᠭᠠᠨ ᠤ ᠬᠤᠭᠤᠯᠠ ᠶᠢ ᠬᠡᠳᠦ ᠴᠠᠳᠳᠠᠯ᠎ᠠ ᠢᠳᠡᠵᠦ ᠪᠤᠯᠬᠤ ᠦᠬᠡᠢ᠃ ᠬᠤᠳᠤᠭᠤᠳᠤᠨ ᠳᠤ ᠬᠦᠷᠦᠯᠴᠡᠬᠦ᠋ᠢᠴᠡ ᠬᠦᠷᠪᠡᠯᠵᠡᠯ ᠤᠨ ᠤᠷᠤᠨ ᠵᠠᠢ ᠦᠯᠡᠳᠡᠬᠡᠬᠦ ᠬᠡᠷᠡᠭᠳᠡᠢ᠃ ᠵᠤᠨ ᠤ ᠴᠠᠭ ᠲᠤ ᠴᠢᠰᠤ ᠰᠡᠷᠢᠬᠦᠬᠡᠨ᠂ ᠲᠠᠮᠢᠷ ᠨᠦᠬᠦᠬᠦ ᠶᠢ ᠠᠩᠬᠠᠷᠴᠤ᠂ ᠡᠷᠳᠡ ᠤᠨᠳᠠᠨ᠂ ᠡᠷᠳᠡ ᠪᠤᠰᠬᠤ ᠶᠢ ᠵᠢᠷᠤᠮᠯᠠᠪᠠᠯ ᠡᠷᠡᠬᠦᠯ ᠮᠡᠨᠳᠦ ᠳᠤ ᠠᠰᠢᠭ ᠲᠠᠢ᠃     

5᠂ ᠠᠭᠠᠷ ᠲᠤᠬᠢᠷᠠᠭᠤᠯᠤᠭᠴᠢ ᠪᠤᠯᠤᠨ ᠰᠡᠩᠰᠡ ᠶᠢ ᠬᠡᠷᠡᠭᠯᠡᠬᠦ ᠦᠬᠡᠢ ᠪᠤᠶᠤ ᠬᠡᠮᠵᠢᠶ᠎ᠡ ᠲᠠᠢ ᠬᠡᠷᠡᠭᠯᠡᠪᠡᠯ ᠵᠤᠬᠢᠨ᠎ᠠ᠄ ᠤᠯᠠᠩᠭᠢ ᠬᠦᠮᠦᠰ ᠤᠨᠴᠠᠭᠠᠢᠢᠯᠠᠨ ᠦᠶ᠎ᠡ ᠬᠡᠰᠢᠬᠦᠨ ᠤ ᠡᠪᠡᠳᠴᠢᠨ ᠲᠠᠢ ᠬᠦᠮᠦᠰ ᠲᠤ ᠠᠪᠴᠤ ᠬᠡᠯᠡᠪᠡᠯ ᠵᠤᠨ ᠤ ᠤᠯᠠᠷᠢᠯ ᠳᠤ ᠰᠡᠷᠢᠬᠦᠳᠡᠬᠦ ᠠᠴᠠ ᠬᠢᠴᠢᠶᠡᠵᠦ ᠬᠡᠷᠡᠭᠯᠡᠪᠡᠯ ᠵᠤᠬᠢᠨ᠎ᠠ᠃ ᠠᠵᠢᠯᠯᠠᠬᠤ ᠤᠷᠴᠢᠨ ᠳᠤ ᠪᠤᠯ ᠦᠪᠡᠷ ᠤᠨ ᠢᠶᠠᠨ ᠪᠠᠶᠢᠳᠠᠯ ᠢ ᠬᠠᠮᠳᠤ ᠠᠵᠢᠯᠯᠠᠭᠰᠠᠳ ᠲᠠᠭᠠᠨ ᠬᠡᠯᠡᠵᠦ᠂ ᠠᠭᠠᠷ ᠲᠤᠬᠢᠷᠠᠭᠤᠯᠤᠭᠴᠢ ᠶᠢ ᠠᠯᠢ ᠪᠤᠯᠬᠤ ᠪᠠᠷ ᠬᠡᠷᠡᠭᠯᠡᠬᠦ ᠦᠬᠡᠢ ᠪᠤᠶᠤ ᠲᠤᠯᠠᠭᠠᠨ ᠢ ᠨᠢ ᠲᠤᠬᠢᠷᠠᠭᠤᠯᠵᠤ ᠬᠡᠳᠦ ᠬᠦᠢᠳᠡᠨ ᠰᠠᠯᠬᠢ ᠦᠯᠢᠶᠡᠯᠬᠡᠬᠦ ᠦᠬᠡᠢ ᠪᠠᠶᠢᠪᠠᠯ ᠵᠤᠬᠢᠨ᠎ᠠ᠃ ᠲᠡᠭᠡᠪᠡᠯ ᠬᠠᠮᠤᠭ ᠤᠨ ᠰᠡᠶᠢᠨ ᠨᠢ ᠤᠷᠳᠤ ᠬᠠᠨᠴᠤᠢ ᠲᠠᠢ ᠬᠠᠨᠳᠠᠭᠠᠵᠠ ᠶᠢ ᠦᠷᠬᠦᠯᠵᠢ ᠪᠡᠯᠡᠨ ᠪᠠᠶᠢᠯᠭᠠᠵᠤ᠂ ᠤᠷᠴᠢᠨ ᠲᠤᠭᠤᠷᠢᠨ ᠤ ᠪᠠᠶᠢᠳᠠᠯ ᠳᠠᠭᠠᠨ ᠵᠤᠬᠢᠴᠠᠭᠤᠯᠤᠨ ᠬᠤᠪᠴᠠᠰᠤ ᠪᠠᠨ ᠴᠠᠭ ᠲᠤᠬᠠᠢ ᠳᠤᠨᠢ ᠵᠤᠵᠠᠭᠠᠯᠠᠵᠤ ᠨᠢᠮᠬᠡᠯᠡᠨ᠎ᠡ᠃

6᠂ ᠭᠠᠳᠠᠨ᠎ᠠ ᠶᠢᠨ ᠬᠠᠯᠳᠠᠪᠤᠷᠢᠯᠠᠯ ᠠᠴᠠ ᠬᠢᠴᠢᠶᠠᠨ᠎ᠠ᠄ ᠵᠤᠨ ᠪᠤᠯᠪᠠᠯ ᠬᠦᠮᠦᠰ ᠬᠤᠪᠴᠠᠰᠤ ᠬᠤᠴᠢᠯᠭ᠎ᠠ ᠠᠴᠠ ᠪᠠᠨ ᠡᠬᠢᠯᠡᠨ ᠨᠢᠮᠬᠡᠯᠡᠳᠡᠭ᠃ ᠲᠡᠭᠡᠬᠦ ᠳᠤ ᠬᠡᠳᠦᠢ ᠴᠢᠬᠢᠷᠠᠭ ᠴᠢᠮᠪᠠᠢ ᠬᠦᠮᠦᠨ ᠴᠤ ᠬᠡᠰᠡᠨ ᠡᠪᠡᠳᠴᠢᠨ ᠬᠠᠯᠳᠠᠪᠤᠷᠢᠯᠠᠬᠤ ᠶᠢ ᠬᠢᠴᠢᠶᠡᠬᠦ ᠬᠡᠷᠡᠭᠳᠡᠢ᠃ ᠲᠡᠷᠡ ᠮᠦᠷᠳᠡᠬᠡᠨ ᠡᠪᠡᠳᠴᠢᠯᠡᠬᠦ ᠳᠤ ᠬᠦᠷᠪᠡᠯ ᠬᠦᠯᠦᠰᠦ ᠶᠡᠭᠡ ᠭᠠᠷᠭᠠᠳᠠᠭ ᠡᠮ ᠢ ᠬᠦᠡᠭᠭᠡᠨ ᠬᠠᠭᠤᠳᠠᠮ ᠢᠶᠠᠷ ᠤᠤᠭᠤᠵᠤ᠂ ᠶᠡᠭᠡ ᠬᠦᠯᠦᠷᠡᠭᠰᠡᠨ ᠠᠴᠠ ᠪᠤᠯᠵᠤ ᠬᠡᠢ ᠴᠢᠰᠤ ᠬᠤᠷᠠᠵᠤ ᠵᠢᠷᠦᠬᠡᠨ ᠡᠪᠡᠳᠴᠢᠨ ᠬᠦᠳᠡᠯᠬᠦ ᠠᠴᠠ ᠵᠠᠶᠢᠯᠠᠰᠬᠢᠪᠠᠯ ᠵᠤᠬᠢᠨ᠎ᠠ᠃ ᠡᠬᠦᠨ ᠳᠤ ᠦᠷᠯᠦᠬᠡ ᠳᠡᠭᠡᠨ ᠪᠦᠬᠡᠷᠡᠩᠭᠡᠢ ᠰᠤᠩᠭᠢᠨ᠎ᠠ ᠪᠠᠭ᠎ᠠ ᠢᠳᠡᠵᠦ᠂ ᠤᠷᠤᠢ ᠳᠠᠭᠠᠨ ᠦᠵᠦᠮ ᠤᠨ ᠠᠷᠢᠬᠢ ᠪᠠᠭ᠎ᠠ ᠤᠤᠭᠤᠪᠠᠯ ᠬᠡᠢ ᠴᠢᠰᠤ ᠨᠡᠪᠳᠡᠷᠡᠬᠦ ᠳᠤ ᠲᠤᠰᠠᠳᠠᠢ᠃

ᠢᠷᠡᠯᠳᠡ : 

ᠤᠷᠳᠤᠰ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ