7c690e23-8dff-4629-881a-b37fcef6769e.jpg

ᠲᠠᠮᠢᠷᠴᠢᠨ ᠤ ᠴᠢᠬᠢᠷᠠᠭ ᠪᠡᠶ᠎ᠡ ᠭᠠᠯᠪᠢᠷ᠂ ᠭᠡᠷᠡᠯ ᠬᠢᠯᠪᠠᠭ᠎ᠠ᠂ ᠬᠠᠷ᠎ᠠ ᠪᠤᠷᠤ ᠬᠦᠷᠦᠰᠤ᠂ ᠡᠨᠡ ᠪᠤᠯ ᠮᠠᠷᠠᠽᠤᠨ ᠬᠦᠶᠦᠭᠴᠢ‌ ᠮᠦ᠋ᠩᠭᠡ ᠲᠠᠢ ᠠᠩᠬ᠎ᠠ ᠠᠭᠤᠯᠵᠠᠬᠤ ᠦᠶ᠎ᠡ ᠶᠢᠨ ᠰᠠᠭᠤᠭᠳᠠᠯ᠃ 

《ᠪᠢ ᠪᠤᠯ ᠰᠤᠬᠤᠷ ᠢᠯᠢᠭᠡᠴᠢ᠂ ᠪᠢ ᠬᠦᠶᠦᠬᠦ ᠲᠤᠷᠠᠲᠠᠢ》  ᠮᠦᠩᠭᠡ  ᠪᠤᠯ  ᠵᠢᠭᠠᠬᠠᠨ ᠭᠡᠷᠡᠯ  ᠮᠡᠳᠡᠷᠡᠮᠵᠢ  ᠪᠦᠬᠦᠢ‌ ᠬᠠᠷᠠᠯᠭᠠᠨ ᠬᠦᠮᠤᠨ ᠶᠤᠮ᠂ ᠲᠠᠮᠢᠷ ᠤᠨ ᠬᠦᠳᠡᠯᠭᠡᠭᠡᠨ ᠳᠤ ᠲᠤᠷ᠎ᠠ ᠪᠠᠭᠲᠠᠢ ᠪᠠᠶᠢᠭᠰᠠᠨ ᠲᠡᠷᠡ ᠮᠠᠨᠢ ᠨᠢᠳᠦᠨ ᠤ ᠡᠪᠡᠳᠴᠢᠨ  ᠡᠴᠠ‌‍ ᠪᠤᠯᠵᠦ ᠠᠷᠭ᠎ᠠ ᠪᠤᠰᠤ ᠲᠠᠮᠢᠷ ᠤᠨ ᠬᠦᠳᠡᠯᠭᠡᠭᠡᠨ ᠢᠶᠠᠨ ᠲᠠᠰᠤᠯᠳᠠᠭᠰᠠᠨ ᠪᠢᠯᠡ᠃ ᠰᠡᠭᠦᠯᠡᠷ ᠨᠢ ᠰᠠᠶᠢᠨ ᠲᠤᠷᠠᠴᠤᠤᠯ ᠪᠤᠯᠤᠨ ᠰᠠᠶᠢᠨ‌‍ ᠰᠠᠨᠠᠭᠠᠳᠤ ᠬᠦᠮᠤᠰ ᠤᠨ ᠬᠠᠪᠰᠤᠷᠤᠯᠭ᠎ᠠ ᠪᠠᠷ ᠮᠦᠩᠭᠡ ᠮᠠᠷᠠᠽᠤᠨ ᠬᠡᠮᠡᠭᠴᠢ ᠡᠨᠡᠬᠦ ᠬᠠᠲᠠᠭᠤ ᠦᠷᠢᠰᠦᠯᠳᠦᠭᠡᠨᠳᠤ ᠪᠡᠶ᠎ᠡ ᠲᠠᠮᠢᠷ ‍ᠤᠨ‌‍ ᠬᠦ᠋ᠳᠡᠯᠭᠡᠭᠡᠨ ᠲᠠᠢ ᠤᠶᠢᠷᠠᠳᠦᠵᠦ᠂ ᠲᠡᠭᠦᠨ ᠤ ᠬᠤᠯᠠ ᠬᠦᠶᠦᠬᠦ ᠠᠮᠢᠳᠤᠷᠠᠯ ᠢᠶᠠᠨ ᠡᠬᠢᠯᠡᠭᠦᠯᠦᠭᠰᠡᠨ ᠪᠠᠶᠢᠨ᠎ᠠ᠃ 

2014 ᠤᠨ ᠳᠤ ᠮᠦᠩᠭᠡ ᠬᠦᠶᠦᠬᠦ ᠯᠦᠭᠡ ᠬᠤᠪᠢ ᠪᠠᠷᠢᠯᠳᠤᠯᠭ᠎ᠠ ᠲᠠᠢ ᠪᠤᠯᠵᠠᠢ᠃ 《ᠲᠤᠬᠠᠢ  ᠶᠢᠨ  ᠦᠶ᠎ᠡ  ᠳ᠋ᠥ‌‍ ᠪᠡᠭᠡᠵᠢᠩ ᠳᠤ ᠨᠢᠭᠡ ᠤᠳᠠᠭᠠᠨ ᠤ ᠰᠤᠬᠤᠷ ᠬᠡᠤᠬᠡᠳ ᠬᠦᠶᠦᠬᠦ ᠨᠡᠶᠢᠲᠡ ᠶᠢᠨ ᠠᠰᠠᠷᠠᠮᠵᠢ ᠶᠢᠨ ᠠᠵᠢᠯᠯᠠᠭ᠎ᠠ  ᠶᠠᠪᠤᠭᠳᠠᠵᠠᠢ᠂ ᠪᠢ‌‍ ᠬᠡᠷᠪᠡ 21 ᠺᠢᠯᠦᠮᠧᠲᠷ ᠬᠦᠶᠦᠵᠦ ᠲᠡᠶᠢᠯᠬᠦ ᠳᠤ ᠬᠦᠷᠪᠡᠯ ᠰᠤᠬᠤᠷ ᠬᠡᠤᠬᠡᠳ ᠲᠤ ᠢᠯᠡᠬᠦᠬᠡᠨ ᠵᠤᠭᠤᠰ ᠬᠠᠨᠲᠢᠪᠯᠠᠵᠦ ᠪᠤᠯᠬᠤ ᠶᠤᠮ‌‍ ᠪᠠᠶᠢᠨ᠎ᠠ᠂ ᠲᠤᠷᠰᠢᠵᠦ ᠦᠵᠡᠶ᠎ᠡ ᠭᠡᠬᠦ ᠪᠤᠳᠤᠯ ᠢᠶᠠᠷ ᠬᠠᠭᠠᠰ ᠮᠠᠷᠠᠽᠤᠨ ᠳᠤ ᠨᠡᠷ᠎ᠡ ᠮᠡᠳᠡᠭᠦᠯᠵᠦ᠂ ᠬᠤᠶᠠᠷ  ᠰᠠᠷ᠎ᠠ  ᠪᠤᠯᠪᠠᠰᠤᠷᠠᠭᠠᠳ‌‍ ᠪᠢ ᠤᠴᠢᠯ᠎ᠠ》᠃ ᠶᠠᠭ ᠡᠨᠡᠬᠦ ᠬᠠᠭᠠᠰ ᠲᠠᠯᠠᠪᠠᠢ ᠶᠢᠨ ᠮᠠᠷᠠᠽᠤᠨ ᠠᠴᠠ ᠪᠤᠯᠵᠦ᠂ ᠮᠦᠩᠭᠡ  ᠶᠢᠨ  ᠮᠠᠷᠠᠽᠤᠨ ᠤ ᠲᠤᠷ᠎ᠠ  ᠪᠠᠬ᠎ᠠ‌‍ᠲ᠋ᠦ᠋ᠷᠡᠯᠵᠢᠨ ᠨᠤᠴᠤᠵᠠᠢ᠂ ᠲᠡᠭᠦᠨ ᠤ ᠦᠭᠡ ᠪᠠᠷ ᠬᠡᠯᠡᠪᠡᠯ《ᠲᠡᠷᠡ ᠦᠶ᠎ᠡ ᠠᠴᠠ ᠡᠬᠢᠯᠡᠭᠡᠳ ᠬᠤᠷᠢᠵᠦ ᠲᠡᠶᠢᠯᠬᠦ  ᠦᠭᠡᠢ‌‍ ᠪᠤᠯᠤᠭᠰᠠᠨ》ᠪᠠᠶᠢᠨ᠎ᠠ᠃ ᠤᠷᠤᠯᠳᠤᠭᠠᠨ ᠳᠤ ᠤᠷᠤᠯᠴᠠᠬᠤ ᠶᠢ ᠪᠤᠤ ᠬᠡᠯᠡ ᠬᠦᠶᠦᠬᠦ ᠨᠢ ᠴᠦ  ᠰᠤᠬᠤᠷ  ᠬᠦᠮᠤᠨ  ᠳᠤ  ᠠᠪᠴᠤ‌‍ ᠬᠡᠯᠡᠪᠡᠯ ᠲᠡᠶᠢᠮᠤ ᠬᠢᠯᠪᠡᠷ ᠶᠠᠪᠤᠳᠠᠯ ᠪᠢᠰᠢ ᠶᠤᠮ᠃ ᠮᠦᠩᠭᠡ ᠦᠪᠡᠷ ᠤᠨ ᠠᠩᠬ᠎ᠠ ᠡᠬᠢᠯᠡᠵᠦ ᠬᠦᠶᠦᠬᠦ ᠦᠶ᠎ᠡ  ᠪᠠᠨ  ᠡᠷᠬᠢᠴᠡᠭᠦᠯᠬᠦ ᠳᠡᠭᠡᠨ᠄ ᠬᠠᠷᠠᠭ᠎ᠠ ᠦᠭᠡᠢ ᠬᠦᠶᠦᠭᠴᠢ ᠶᠢᠨ ᠬᠠᠮᠤᠭ ᠶᠡᠭᠡ ᠦᠷᠢᠰᠦᠯᠳᠦᠭᠡᠨ ᠪᠤᠯ ᠦᠪᠡᠷ ᠤᠨ ᠰᠡᠳᠬᠢᠯ  ᠤᠨ  ᠠᠶᠤᠳᠠᠰ  ᠡᠴᠠ‌ ᠢᠷᠡᠨ᠎ᠡ᠂ ᠢᠯᠠᠩᠭᠤᠶ᠎ᠠ ᠠᠩᠬ᠎ᠠ ᠡᠬᠢᠯᠡᠵᠦ ᠬᠦᠶᠦᠬᠦ ᠳᠤ ᠲᠤᠩ ᠠᠶᠤᠨ᠎ᠠ᠃ 《ᠤᠶᠢᠴᠢᠵᠦ ᠦᠵᠡᠯ᠎ᠡ᠂ ᠰᠢᠷᠬᠠᠳᠤᠵᠦ  ᠦᠵᠡᠯ᠎ᠡ᠂ ᠬᠦᠶᠦᠬᠦ ᠲᠤᠷᠠᠲᠠᠢ ᠪᠤᠯᠬᠤᠷ ᠴᠦᠬᠦᠷᠡᠭᠰᠡᠨ ᠦᠭᠡᠢ᠂ ᠪᠤᠯᠪᠠᠰᠤᠷᠠᠯ ᠢᠶᠠᠷ ᠳᠠᠮᠵᠢᠭᠠᠳ ᠤᠳᠤ ᠨᠡᠯᠢᠶᠡᠳ ᠵᠦᠭᠡᠷ ᠪᠤᠯᠵᠠᠢ》᠃  

ᠮᠦᠩᠭᠡ ᠪᠤᠯ ᠵᠤᠯ ᠲᠠᠢ ᠬᠦᠮᠤᠨ ᠶᠤᠮ᠂ ᠮᠠᠷᠠᠽᠤᠨ ᠤ ᠬᠤᠯᠠ ᠬᠦᠶᠦᠬᠦ ᠵᠠᠮ ᠳᠡᠭᠡᠷ᠎ᠡ ᠲᠡᠷᠡ  ᠮᠠᠰᠢ  ᠤᠯᠠᠨ ᠰᠠᠶᠢᠨ‌ ᠨᠠᠶᠢᠵᠠ ᠲᠠᠢ ᠤᠴᠠᠷᠠᠵᠠᠢ᠃ ᠬᠦᠶᠦᠯᠲᠡ ᠶᠢᠨ ᠱᠤᠭᠤᠮ ᠳᠡᠭᠡᠷ᠎ᠡ ᠳᠠᠭᠠᠯᠳᠤᠨ ᠭᠦᠶᠦᠭᠴᠢ᠂ ᠳᠠᠭᠠᠭᠤᠯᠤᠨ ᠭᠦᠶᠦᠭᠴᠢ ᠨᠢ ᠳᠡᠭᠡᠰᠤ‌‍ ᠪᠠᠷ ᠬᠦᠳᠦᠯᠵᠦ ᠲᠡᠭᠦᠨ ᠢ ᠳᠠᠭᠠᠭᠤᠯᠤᠨ ᠬᠦᠶᠣᠨ᠎ᠡ᠃ ᠡ᠊ᠩ ᠤᠨ ᠴᠠᠭ ᠲᠠᠭᠠᠨ ᠳᠠᠭᠠᠯᠳᠤᠨ ᠭᠦᠶᠦᠭᠴᠢ ᠨᠢ ᠡᠳᠤᠷ ᠪᠦᠷᠢ  ᠵᠢᠨ‌‍ᠰᠤᠯᠠ ᠴᠠᠭ ᠢᠶᠠᠨ ᠠᠰᠢᠭᠯᠠᠨ ᠮᠦᠩᠭᠡ ᠶᠢ ᠳᠠᠭᠠᠭᠤᠯᠤᠨ ᠪᠤᠯᠪᠠᠰᠤᠷᠠᠨ᠎ᠠ᠃ 《ᠪᠢ ᠲᠡᠳᠡᠨ ᠳᠤ ᠲᠤᠩ ᠲᠠᠯᠠᠷᠬᠠᠳᠠᠭ᠂ ᠭᠦᠶᠦᠯᠲᠡ‌‍ᠶᠢᠨ ᠵᠠᠮ ᠳᠡᠭᠡᠷ᠎ᠡ ᠲᠡᠳᠡ  ᠪᠤᠯ  ᠮᠢᠨᠤ  ᠭᠡᠭᠡᠨ  ᠮᠠᠯᠮᠡᠢ ᠶᠤᠮ᠃  ᠡᠨᠡᠬᠦ  ᠶᠠᠪᠤᠴᠠ  ᠳᠤ  ᠮᠠᠰᠢ  ᠤᠯᠠᠨ  ᠪᠡᠷᠬᠡᠰᠢᠶᠡᠯ‌‍ ᠲ᠋ᠤᠯᠭᠠᠷᠠᠭᠰᠠᠨ ᠪᠤᠯᠪᠠᠴᠤ ᠲᠡᠳᠡ ᠨᠠᠮᠠᠢᠢ ᠵᠤᠷᠢᠭᠵᠢᠭᠤᠯᠤᠨ ᠬᠠᠪᠰᠤᠷᠴᠤ᠂ ᠨᠠᠮᠠᠢᠢ ᠡᠷᠡᠭᠦᠯ ᠬᠦᠮᠤᠨ ᠠᠳᠠᠯᠢ ᠪᠠᠷ ᠮᠠᠷᠠᠰᠤᠨ ᠤ ᠡᠨᠡᠬᠦ ᠲ᠋ᠥ᠋ᠢᠯ ᠤᠨ ᠬᠠᠲᠠᠭᠤ ᠲᠠᠮᠢᠷ ᠤᠨ ᠬᠦᠳᠡᠯᠭᠡᠭᠡᠨ ᠳᠤ ᠮᠡᠷᠡᠶᠢᠯᠭᠡᠵᠦ᠂ ᠮᠢᠨᠤ ᠲᠡᠮᠡᠴᠡᠭᠡᠨ ᠢ ᠪᠡᠶᠡᠯᠡᠭᠦᠯᠦᠭᠰᠡᠨ  ᠪᠠᠶᠢᠨ᠎ᠠ᠃》 ᠭᠡᠵᠦ‌ ᠮᠦ᠋ᠩᠭᠡ ᠬᠡᠯᠡᠨ᠎ᠡ᠃        ᠳᠠᠭᠠᠯᠳᠤᠨ ᠭᠦᠶᠦᠭᠴᠢ ᠶᠢᠨ ᠬᠠᠪᠰᠤᠷᠤᠯᠭ᠎ᠠ ᠲᠤᠤᠷ᠎ᠠ᠂ ᠤᠳᠤᠬᠠᠨ  ᠪᠤᠯᠲᠠᠯ᠎ᠠ  ᠮᠦᠩᠭᠡ 17 ᠲᠠᠯᠠᠪᠠᠢ ᠮᠠᠷᠠᠽᠤᠨ ᠭᠦ᠋ᠶᠦᠵᠦ᠂ ᠲᠡᠭᠦᠨ ᠤ ᠤᠯᠠ ᠮᠦᠷ ᠪᠡᠭᠡᠵᠢᠩ᠂ ᠱᠠᠩᠬᠠᠢ᠂ ᠱᠠᠮᠧᠨ᠂ ᠳ᠋ᠠᠯᠢᠶᠠᠩ᠂ ᠬᠠᠷᠪᠢᠨ᠂ ᠴᠧᠩᠳᠦ ᠁  ᠪᠠᠷ  ᠦᠯᠡᠳᠡᠵᠦ᠂ ᠵᠤᠭᠠᠴᠠᠬᠤ ᠲᠤᠷᠠᠲᠠᠢ ᠮᠦᠩᠭᠡ ᠮᠠᠷᠠᠽᠤᠨ ᠤᠷᠤᠯᠳᠤᠭᠠᠨ ᠢᠶᠠᠷ ᠳᠠᠮᠵᠢᠨ ᠦᠪᠡᠷ  ᠤᠨ  ᠲᠤᠷᠠᠯᠠᠵᠦ  ᠪᠠᠭ᠋ᠠᠷᠠᠳᠠᠭ  ᠬᠤᠲᠠᠳ  ᠲᠣ᠋‌ᠤᠴᠢᠬᠤ ᠵᠠᠪᠰᠢᠶᠠᠨ ᠤᠯᠵᠦ᠂ ᠵᠤᠭᠠᠴᠠᠯ ᠤᠨ ᠬᠦᠰᠡᠯ ᠢᠶᠠᠨ ᠲᠡᠷᠭᠡᠯᠰᠢᠭᠦᠯᠦᠭᠰᠡᠨ ᠪᠠᠶᠢᠨ᠎ᠠ᠃ ᠬᠤᠯᠠ ᠭᠦᠶᠦᠬᠦ ᠨᠢ ᠮᠦᠩᠭᠡ ᠵᠢᠨ‌ᠠᠮᠢᠳᠤᠷᠠᠯ ᠳᠤ ᠡᠷᠡᠭᠦᠯ ᠴᠢᠬᠢᠷᠠᠭ ᠪᠡᠶ᠎ᠡ ᠮᠠᠬᠠᠪᠤᠳ᠂ ᠰᠡᠳᠬᠢᠯ ᠬᠠᠩᠬᠤᠯᠠᠭᠤᠨ ᠲᠦᠷᠦᠭᠳᠡᠯ ᠢ ᠠᠪᠴᠢᠷᠠᠵᠦ ᠦᠭᠭᠦᠭᠰᠡᠨ ᠪᠦᠭᠡᠳ‌‍ ᠲ᠋ᠡᠷᠡ ᠪᠠᠰᠠ ᠲᠡᠭᠦᠨ ᠲᠠᠢ ᠠᠳᠠᠯᠢ ᠬᠦᠮᠤᠰ ᠡᠨᠡᠬᠦ ᠪᠡᠶ᠎ᠡ ᠲᠠᠮᠢᠷ ᠤᠨ ᠬᠦᠳᠡᠯᠭᠡᠭᠡᠨ ᠳᠤ ᠤᠷᠤᠯᠴᠠᠬᠤ ᠶᠢ ᠬᠦᠰᠡᠵᠦ ᠪᠠᠶᠢᠯ᠎ᠠ᠃(ᠱᠦ ᠵᠢᠶᠠ ᠮᠸ᠋ᠩ)


ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ