ee8758e9-ad59-4717-8ddc-83077016d403.jpg

ᠨᠠᠶᠢᠷ ᠨᠠᠭᠠᠳᠤᠮ ᠪᠣᠯ ᠲᠠᠯ᠎ᠠ ᠨᠤᠲᠤᠭ ᠲᠤ ᠦᠶ᠎ᠡ ᠤᠯᠠᠷᠢᠨ ᠤᠯᠠᠮᠵᠢᠯᠠᠭᠳᠠᠭᠰᠠᠨ ᠦᠨᠳᠦᠰᠦᠲᠡᠨ ᠤ ᠰᠣᠶᠣᠯ ᠤᠨ ᠦᠪᠡᠳᠡᠭᠰᠢ ᠴᠤᠭᠯᠠᠭᠠᠨ ᠪᠠᠶᠢᠵᠦ᠂ ᠦᠨᠳᠦᠰᠦᠲᠡᠨ ᠤ ᠵᠠᠩ ᠦᠢᠯᠡ ᠶᠢ ᠳᠡᠯᠭᠡᠨ ᠦᠵᠡᠭᠦᠯᠬᠦ᠂ ᠦᠨᠳᠦᠰᠦᠲᠡᠨ ᠤ ᠪᠦᠯᠬᠦᠮᠳᠡᠯ ᠢ ᠠᠬᠢᠭᠤᠯᠬᠤ᠂ ᠰᠣᠶᠣᠯ ᠵᠢᠭᠤᠯᠴᠢᠯᠠᠯ ᠤᠨ ᠠᠭᠤᠰᠤᠯᠴᠠᠯ ᠢ ᠠᠬᠢᠭᠤᠯᠬᠤ ᠴᠢᠬᠤᠯᠠ ᠠᠴᠢᠶᠠᠯᠠᠪᠤᠷᠢ ᠮᠥᠨ᠃ ᠣᠯᠠᠨ ᠵᠢᠯ ᠤᠨ ᠴᠢᠷᠮᠠᠶᠢᠯᠭ᠎ᠠ ᠪᠠᠷ ᠲᠠᠮᠵᠢᠨ᠂ ᠬᠢᠩᠭᠠᠨ ᠠᠶᠢᠮᠠᠭ ᠤᠨ ᠨᠠᠭᠠᠳᠤᠮ ᠨᠢ ᠨᠢᠭᠡᠨᠲᠡ ᠲᠠᠯ᠎ᠠ ᠨᠤᠲᠤᠭ ᠤᠨ ᠵᠢᠭᠤᠯᠴᠢᠯᠠᠯ ᠤᠨ ᠬᠥᠭᠵᠢᠯᠲᠡ ᠶᠢ ᠬᠥᠲᠥᠯᠦᠨ ᠳᠠᠭᠠᠭᠤᠯᠬᠤ ᠴᠢᠬᠤᠯᠠ ᠲᠥᠷᠥᠯ ᠲᠡᠮᠳᠡᠭ ᠪᠠ ᠲᠠᠯ᠎ᠠ ᠨᠤᠲᠤᠭ ᠤᠨ ᠰᠣᠶᠣᠯ ᠤᠨ ᠥᠪᠡᠷᠮᠢᠴᠡ ᠷᠢᠳᠢ ᠰᠢᠳᠢ ᠶᠢ ᠬᠠᠷᠠᠭᠤᠯᠬᠤ ᠪᠡᠶ᠎ᠡ ᠶᠢᠨ ᠲᠠᠮᠢᠷ ᠤᠨ ᠤᠷᠤᠯᠳᠤᠭᠠᠨ ᠪᠣᠯᠤᠭᠰᠠᠨ ᠪᠠᠶᠢᠨ᠎ᠠ᠃

8 ᠰᠠᠷ᠎ᠠ ᠳᠤ ᠶᠠᠪᠤᠬᠳᠠᠭᠰᠡᠨ᠂ 《2020 · ᠬᠢᠨᠭ᠍ᠭᠠᠨ ᠠᠶᠢᠮᠠᠭ ᠤᠨ ᠨᠠᠭᠠᠳᠤᠮ》 ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠤᠯᠠᠭᠠᠨᠮᠤᠳᠤ ᠶᠢᠨ ᠳᠠᠯ᠎ᠠ ᠨᠤᠳᠤᠭ ᠲᠤ ᠦᠯᠵᠠᠶᠢᠳᠠᠢ ᠰᠠᠶᠢᠬᠠᠨ ᠶᠠᠪᠤᠭᠳᠠᠪᠠ᠃ ᠬᠢᠩᠭᠠᠨ ᠠᠶᠢᠮᠠᠭ ᠤᠨ ᠡᠯ᠎ᠡ ᠬᠤᠰᠢᠭᠤ ᠰᠢᠶᠠᠨ ᠬᠤᠳᠠ ᠵᠢᠴᠢ ᠬᠦᠯᠦᠨ ᠪᠤᠶᠢᠷ᠂ ᠲᠦᠩᠯᠢᠶᠥᠥ᠂ ᠤᠯᠠᠭᠠᠨᠬᠠᠳᠠ᠂ ᠰᠢᠯᠢ ᠶᠢᠨ ᠭᠤᠤᠯ ᠵᠡᠷᠭᠡ ᠪᠤᠰᠤᠳ ᠠᠶᠢᠮᠠᠭ ᠬᠤᠳᠠ ᠠᠴᠠ ᠤᠯᠠᠨ ᠪᠦᠬᠡᠴᠢᠨ᠂ ᠰᠤᠷᠴᠢᠨ ᠪᠠ ᠤᠶᠠᠭᠠᠴᠢᠨ ᠬᠦᠷᠦᠯᠴᠡᠨ ᠢᠷᠡᠵᠦ ᠨᠠᠶᠢᠷ ᠲᠤ ᠬᠦᠭ ᠨᠡᠮᠡᠵᠦ᠂ ᠨᠠᠭᠠᠳᠤᠮ ᠳᠤ ᠬᠦᠴᠦ ᠨᠡᠮᠡᠷᠢᠯᠡᠨ᠂ ᠬᠦᠮᠦᠨ ᠵᠤᠨ ᠢᠶᠠᠨ     ᠪᠠᠶᠠᠰᠬᠠᠪᠠ᠃

《2020 · ᠬᠢᠨᠭ᠍ᠭᠠᠨ ᠠᠶᠢᠮᠠᠭ ᠤᠨ ᠨᠠᠭᠠᠳᠤᠮ》 8 ᠰᠠᠷ᠎ᠠ ᠶᠢᠨ 8 ᠠᠴᠠ ᠡᠬᠢᠯᠡᠵᠤ᠂ ᠳᠣᠯᠣᠭᠠᠨ ᠡᠳᠦᠷ ᠦᠷᠬᠦᠯᠵᠢᠯᠡᠨ᠂ ᠪᠦᠬᠡ ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ᠂ ᠪᠢᠯᠠᠭᠤ ᠰᠢᠳᠡᠬᠦ ᠵᠡᠷᠭᠡ ᠮᠤᠩᠭᠤᠯ ᠦᠨᠳᠦᠰᠦᠲᠡᠨ ᠤ ᠤᠯᠠᠮᠵᠢᠯᠠᠯᠳᠤ ᠨᠠᠭᠠᠳᠤᠮ ᠲᠤᠬᠯᠠᠭᠠᠮ ᠢ ᠶᠠᠪᠤᠭᠳᠠᠭᠤᠯᠤᠭᠰᠠᠨ ᠠᠴᠠ ᠭᠠᠳᠠᠨ᠎ᠠ ᠮᠤᠩᠭᠤᠯ ᠰᠢᠳᠠᠷ᠎ᠠ᠂ ᠱᠠᠭ᠎ᠠ ᠨᠠᠭᠠᠳᠬᠤ᠂ ᠮᠤᠩᠭᠤᠯ ᠦᠨᠳᠦᠰᠦᠲᠡᠨ ᠤ ᠬᠤᠪᠴᠠᠰᠤ ᠵᠠᠰᠠᠯ ᠤᠨ ᠤᠷᠤᠯᠳᠤᠭᠠᠨ᠂ ᠤᠯᠠᠨ ᠤᠯᠤᠰ ᠤᠨ 《ᠠᠯᠲᠠᠨ ᠪᠦᠰᠡ》 ᠡᠵᠡᠷᠭᠡᠬᠦ ᠨᠠᠭᠠᠲᠤᠮ᠂ ᠮᠤᠷᠢᠨ ᠬᠤᠭᠤᠷ ᠤᠨ ᠤᠷᠤᠯᠳᠤᠭᠠᠨ᠂ ᠰᠢᠯᠦᠭ ᠲᠠᠭᠤᠤ ᠶᠢᠨ ᠨᠠᠭᠠᠲᠤᠮ᠂ ᠮᠤᠩᠭᠤᠯ ᠦᠨᠳᠦᠰᠦᠲᠡᠨ ᠤ ᠤᠯᠠᠮᠵᠢᠯᠠᠯᠲᠦ ᠲᠤᠷ᠎ᠠ ᠰᠤᠨᠢᠷᠬᠠᠯᠲᠦ ᠨᠠᠭᠠᠲᠤᠮ᠂ ᠳᠦᠳᠡᠭ ᠭᠠᠯ ᠤᠨ ᠦᠳᠡᠰᠢᠯᠡᠭᠡ᠂ ᠳᠠᠭᠤᠤ ᠬᠦᠭᠵᠢᠮ ᠤᠨ ᠨᠠᠶᠢᠷ᠂ ᠨᠢᠳᠤᠷᠭᠠᠨ ᠲᠡᠮᠡᠴᠡᠭᠡᠨ ᠵᠡᠷᠭᠡ ᠡᠯᠪᠡᠭ ᠪᠠᠶᠠᠯᠢᠭ ᠠᠭᠤᠯᠭ᠎ᠠ ᠲᠠᠢ ᠤᠷᠤᠯᠳᠤᠭᠠᠨ ᠢ ᠨᠡᠮᠡᠨ ᠲᠤᠬᠢᠷᠠᠭᠤᠯᠵᠤ᠂ ᠪᠠᠰᠠ ᠬᠡᠷᠡᠯ ᠵᠢᠷᠤᠭ ᠤᠨ ᠤᠷᠤᠯᠳᠤᠭᠠᠨ᠂ ᠵᠠᠰᠠᠭᠳᠤ ᠬᠠᠳᠬᠤᠮᠠᠯ ᠤᠨ ᠦᠵᠡᠭᠦᠯᠭᠡ᠂ ᠴᠠᠭᠠᠨ ᠢᠳᠡᠭᠡᠨ ᠤ ᠳᠡᠯᠭᠡᠨ ᠪᠣᠷᠣᠯᠠᠭᠤᠯᠭ᠎ᠠ᠂ ᠲᠠᠯ᠎ᠠ ᠨᠤᠲᠤᠭ ᠤᠨ ᠳᠠᠭᠤᠤ ᠬᠥᠭᠵᠢᠮ ᠤᠨ ᠠᠮᠲᠠᠲᠤ ᠢᠳᠡᠭᠡᠨ ᠤ ᠨᠠᠶᠢᠷ᠂ ᠤᠷᠠᠨ ᠰᠠᠶᠢᠬᠠᠨ ᠤ ᠦᠳᠡᠰᠢᠯᠡᠭᠡ᠂ ᠤᠯᠠᠭᠠᠨᠮᠥ᠋ᠴᠢᠷ ᠤᠨ ᠲᠤᠬᠯᠠᠯᠲᠠ᠂ ᠲᠠᠯ᠎ᠠ ᠨᠤᠲᠤᠭ ᠤᠨ ᠰᠣᠶᠣᠯ ᠵᠢᠭᠤᠯᠴᠢᠯᠠᠯ ᠤᠨ ᠬᠥᠭᠵᠢᠯᠲᠡ ᠶᠢᠨ ᠶᠠᠷᠢᠶᠠᠨ ᠤ ᠲᠠᠪᠴᠠᠩ ᠵᠡᠷᠭᠡ ᠭᠤᠶᠢᠲᠠ ᠰᠠᠶᠢᠬᠠᠨ ᠦᠪᠡᠷᠮᠢᠴᠡ ᠤᠨᠴᠠᠯᠢᠬᠲᠦ ᠲᠠᠮᠢᠷ ᠤᠷᠠᠯᠢᠭ᠂ ᠵᠤᠭ᠎ᠠ ᠴᠡᠩᠭᠡᠯ ᠤᠨ ᠠᠭᠤᠯᠭ᠎ᠠ ᠪᠦᠬᠦᠢ ᠠᠵᠢᠯᠯᠠᠭ᠎ᠠ ᠶᠢ ᠥᠷᠨᠢᠭᠦᠯᠦᠭᠰᠡᠨ ᠪᠠᠶᠢᠨ᠎ᠠ᠃ ᠨᠠᠶᠢᠷ ᠨᠠᠭᠠᠳᠤᠮ ᠤᠨ ᠰᠤᠨᠢᠷᠬᠠᠯᠳᠤ ᠴᠢᠨᠠᠷ ᠨᠢ ᠤᠯᠡᠨ ᠲᠦᠮᠡᠨ ᠤ ᠨᠠᠶᠢᠷ ᠨᠠᠭᠠᠲᠤᠮ ᠳᠤ ᠤᠷᠤᠯᠴᠠᠬᠤ ᠢᠳᠡᠪᠬᠢᠵᠢᠯ ᠢ ᠶᠡᠭᠡ ᠪᠠᠷ ᠲᠡᠭᠡᠭᠰᠢᠯᠡᠭᠦᠯᠵᠦ᠂ ᠮᠠᠯᠴᠢᠨ ᠲᠠᠷᠢᠶᠠᠴᠢᠳ ᠤᠨ ᠰᠤᠶᠤᠯ ᠤᠨ ᠠᠮᠢᠳᠤᠷᠠᠯ ᠢ ᠪᠠᠶᠠᠯᠢᠬᠵᠢᠭᠤᠯᠬᠤ ᠶᠢᠨ ᠬᠠᠮᠳᠦ ᠲᠤᠬᠠᠢ ᠶᠢᠨ ᠭᠠᠵᠠᠷ ᠤᠷᠤᠨ ᠤ ᠵᠢᠭᠤᠯᠴᠢᠯᠠᠯ ᠤᠨ ᠦᠢᠯᠡᠰ ᠪᠠ ᠠᠷᠠᠯᠵᠢᠶ᠎ᠠ ᠬᠤᠳᠡᠯᠳᠤᠭ᠎ᠠ ᠶᠢ ᠬᠦᠭᠵᠢᠭᠦᠯᠵᠦ᠂ ᠪᠦᠲᠦᠨ ᠨᠢᠭᠡ ᠭᠠᠷᠠᠭ ᠶᠠᠪᠤᠬᠳᠠᠬᠰᠡᠨ ᠨᠠᠭᠠᠳᠤᠮ ᠳᠤ ᠨᠡᠶᠢᠳᠡ 50 ᠲᠦᠮᠡᠡ ᠵᠢᠭᠤᠯᠴᠢᠯᠠᠬᠴᠢ ᠴᠤᠬᠯᠠᠷᠠᠵᠦ᠂ ᠵᠢᠭᠤᠯᠴᠢᠯᠠᠯ ᠤᠨ ᠤᠷᠤᠯᠭ᠎ᠠ ᠨᠢ 8000 ᠲᠦᠮᠡᠨ ᠲᠦᠭᠦᠷᠢᠭ ᠲᠤ ᠬᠦᠷᠴᠡᠢ᠃

ᠤᠯᠠᠭᠠᠨᠮᠤᠳᠤ ᠶᠢᠨ ᠲᠠᠯ᠎ᠠ ᠨᠤᠲᠤᠭ ᠨᠢ ᠶᠡᠭᠡ ᠬᠢᠩᠭᠠᠨ ᠲᠠᠪᠠᠭ᠎ᠠ ᠶᠢᠨ ᠡᠮᠦᠨ᠎ᠡ ᠡᠩᠭᠡᠷ ᠲᠤ ᠪᠠᠶᠢᠷᠢᠰᠢᠵᠦ᠂ ᠬᠢᠩᠭᠠᠨ ᠠᠶᠢᠮᠠᠭ ᠤᠨ ᠮᠠᠯ ᠤᠨ ᠲᠤᠭ᠎ᠠ ᠪᠠᠷ ᠬᠠᠮᠤᠭ ᠤᠯᠠᠨ᠂ ᠲᠠᠯᠠᠪᠡᠢ ᠪᠠᠷ ᠬᠠᠮᠤᠭ ᠶᠡᠭᠡ ᠴᠤᠯ ᠮᠠᠯᠵᠢᠬᠤ ᠤᠷᠤᠨ ᠪᠤᠯᠬᠤ ᠶᠤᠮ᠃ ᠤᠢᠢᠷ᠎ᠠ ᠶᠢᠨ ᠵᠢᠯ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠤᠯᠠᠭᠠᠨᠮᠤᠳᠤ ᠶᠢᠨ ᠲᠠᠯ᠎ᠠ ᠨᠤᠲᠤᠭ ᠤᠨ ᠪᠠᠶᠢᠭᠠᠯᠢ ᠠᠬᠤᠢ ᠪᠠ ᠦᠨᠳᠦᠰᠦᠳᠡᠨ ᠤ ᠤᠨᠴᠠᠯᠢᠭ ᠲᠤ ᠲᠦᠰᠢᠭᠯᠡᠨ᠂ 《ᠬᠠᠩᠭᠠᠢ ᠨᠤᠲᠤᠭ》 ᠤᠨ ᠲᠦᠷᠦᠯ ᠲᠡᠮᠳᠡᠭ ᠢ ᠡᠭᠦᠳᠦᠨ᠂ ᠵᠢᠯ ᠪᠦᠷᠢ ᠶᠢᠨ ᠡᠪᠦᠯ ᠵᠤᠨ ᠤ ᠤᠯᠠᠷᠢᠯ ᠳᠤ ᠤᠯᠠᠭᠠᠨᠮᠤᠳᠤ ᠶᠢᠨ ᠲᠠᠯ᠎ᠠ ᠨᠤᠲᠤᠭ ᠲᠤ ᠨᠠᠶᠢᠷ ᠨᠠᠭᠠᠳᠤᠮ ᠡᠷᠬᠢᠯᠡᠵᠦ᠂ ᠭᠤᠶᠢᠳᠠ ᠰᠠᠶᠢᠬᠠᠨ ᠪᠠᠶᠢᠭᠠᠯᠢ ᠶᠢᠨ ᠦᠡᠭᠭᠡ ᠦᠵᠡᠮᠵᠢ ᠪᠤᠯᠤᠨ ᠦᠪᠡᠷᠮᠢᠴᠡ ᠤᠨᠴᠠᠯᠢᠭ ᠲᠠᠢ ᠰᠤᠶᠤᠯ ᠢᠷᠭᠡᠨᠰᠢᠯ ᠢᠶᠠᠨ ᠦᠷᠭᠡᠨ ᠢᠶᠠᠷ ᠤᠬᠠᠭᠤᠯᠵᠦ᠂ ᠤᠷᠤᠨ ᠪᠦᠰᠡ ᠶᠢᠨ ᠵᠢᠭᠤᠯᠴᠢᠯᠠᠯ ᠤᠨ ᠦᠢᠯᠡᠰ ᠢ ᠭᠦᠭᠵᠢᠭᠦᠯᠵᠦ ᠳᠠᠷᠢᠶᠠᠯᠠᠩ ᠮᠠᠯ ᠠᠵᠤ ᠠᠬᠤᠢ ᠶᠢᠨ ᠦᠷ᠎ᠡ ᠠᠰᠢᠭ ᠢ ᠨᠡᠮᠡᠭᠳᠡᠭᠦᠯᠵᠤ᠂ ᠮᠠᠯᠵᠢᠬᠤ ᠳᠠᠷᠢᠶᠠᠯᠠᠬᠤ ᠤᠷᠤᠨ ᠤ ᠴᠡᠴᠡᠭᠯᠡᠯ ᠬᠦᠭᠵᠢᠯ ᠢ ᠠᠬᠢᠭᠤᠯᠵᠦ ᠪᠤᠢ᠃(ᠪᠠᠢ ᠬᠠᠢ ᠱᠦᠨ)

6088c6c4-3b68-4165-b817-4913d52196cf.jpg

21e983d7-22a6-4e27-8baf-103e7a13b1d8.jpg

d3f066b0-fce0-4fd9-a148-c1793abdea89.jpg

e64270d6-d1b4-4bbb-88ee-09da65abdb45.jpg

16f39b17-3869-41a9-aa55-9fb35e42ffb2.jpg

8536ea1a-7718-4f14-908e-7f7ff0dc13da.jpg

c2e512f0-12ac-4ae7-bcf4-39bb59dad167.jpg

3b34dd31-f424-45c0-91b1-f567d7887f90.jpg

18a3d050-a633-425f-b801-a59bf523b54d.jpg

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ