ᠵᠤᠨ ᠤ ᠠᠭᠠᠬᠢᠮ᠎ᠠ ᠬᠠᠯᠠᠭᠤᠨ ᠳᠤ ᠤᠮᠳᠠ ᠳᠠᠷᠤᠬᠤ ᠵᠢᠮᠢᠰ ᠭᠡᠪᠠᠯ ᠡᠩ ᠲᠡᠷᠢᠭᠦᠨ ᠳᠤ ᠲᠠᠷᠪᠤᠰ ᠳᠤᠷᠠᠳᠤᠭᠳᠠᠳᠠᠭ᠃ ᠭᠡᠲᠡᠯ᠎ᠡ 《ᠬᠤᠨᠤᠭ ᠥᠨᠵᠢᠭᠰᠡᠨ ᠲᠠᠷᠪᠤᠰ ᠬᠤᠤᠷᠳᠠᠢ》 ᠭᠡᠬᠦ ᠮᠡᠲᠦ ᠶᠢᠨ ᠮᠡᠳᠡᠭᠡ ᠬᠠᠶᠠ ᠶᠠ ᠦᠭᠡᠢ ᠰᠤᠨᠤᠰᠳᠠᠵᠤ ᠪᠠᠶᠢᠳᠠᠭ᠃ ᠲᠡᠭᠡᠪᠠᠯ ᠲᠡᠷᠪᠤᠰ ᠢ ᠴᠤᠬᠤᠮ ᠬᠡᠷᠭᠢᠨ ᠢᠳᠡᠪᠡᠯ ᠵᠤᠬᠢᠬᠤ ᠪᠤᠢ︖

ᠬᠦᠯᠳᠡᠭᠡᠭᠦᠷ ᠲᠤ ᠦᠨᠵᠢᠭᠡᠭᠰᠡᠨ ᠲᠠᠷᠪᠤᠰ ᠢ ᠢᠳᠡᠵᠤ ᠪᠤᠯᠬᠤ ᠤᠤ︖

ᠬᠡᠷᠴᠢᠭᠡ ᠦᠭᠡᠢ ᠪᠦᠳᠦᠨ ᠲᠠᠷᠪᠤᠰ ᠲᠤ ᠪᠠᠷᠤᠭ ᠦᠨᠳᠦᠰᠦᠨ ᠳᠡᠭᠡᠨ ᠪᠠᠺᠲ᠋ᠧᠷᠢ ᠪᠠᠶᠢᠳᠠᠭ ᠦᠭᠡᠢ᠂ ᠭᠡᠲᠡᠯ᠎ᠡ ᠬᠡᠷᠴᠢᠭᠰᠡᠨ ᠤ ᠳᠠᠷᠠᠭ᠎ᠠ ᠮᠠᠰᠢ ᠲᠦᠷᠭᠡᠨ ᠪᠠᠺᠲ᠋ᠧᠷᠢ ᠲᠠᠢ ᠪᠣᠯᠳᠠᠭ ᠪᠥᠭᠡᠳ ᠤᠳᠠᠬᠤ ᠲᠤᠳᠤᠮ ᠢᠶᠠᠨ ᠪᠠᠺᠲ᠋ᠧᠷᠢ ᠨᠢ ᠦᠷᠠᠵᠢᠵᠤ᠂ ᠡᠩ ᠤᠨ ᠠᠭᠠᠷ ᠤᠨ ᠲᠤᠯᠠᠭᠠᠨ ᠳᠤ ᠤᠳᠠᠯ ᠦᠭᠡᠢ ᠢᠯᠵᠢᠷᠡᠴᠢᠬᠡᠳᠡᠭ᠃ ᠲᠠᠷᠪᠤᠰ ᠬᠤᠳᠠᠯᠳᠤᠵᠤ ᠠᠪᠬᠤ ᠳᠠᠭᠠᠨ ᠲᠠᠯ᠎ᠠ ᠶᠢ ᠨᠢ ᠠᠪᠬᠤ ᠳᠤ ᠬᠦᠷᠪᠡᠯ᠂ ᠬᠡᠷᠴᠢᠭᠰᠡᠨ ᠴᠠᠭ ᠢ ᠨᠢ ᠠᠩᠬᠠᠷᠬᠤ ᠬᠡᠷᠡᠭᠳᠡᠢ᠃ ᠵᠤᠨ ᠤ ᠬᠠᠯᠠᠭᠤᠨ ᠳᠤ ᠬᠡᠷᠴᠢᠭᠡᠳ ᠬᠡᠳᠦᠨ ᠴᠠᠭ ᠪᠤᠯᠤᠭᠰᠠᠨ ᠲᠠᠷᠪᠤᠰ ᠲᠤ ᠪᠠᠺᠲ᠋ᠧᠷᠢ ᠨᠢᠭᠡᠨᠳᠡ ᠶᠡᠭᠡᠪᠠᠷ ᠦᠷᠡᠵᠢᠭᠰᠡᠨ ᠪᠤᠯᠬᠤᠷ ᠬᠦᠯᠳᠡᠭᠡᠭᠦᠷ ᠲᠤ ᠬᠢᠯ᠎ᠡ ᠴᠤ ᠬᠡᠰᠡᠨ ᠪᠠᠺᠲ᠋ᠧᠷᠢ ᠶᠢᠨ ᠭᠡᠮᠵᠢᠶ᠎ᠡ ᠪᠠᠷᠢᠮᠵᠢᠶᠠᠨ ᠠᠴᠠ ᠬᠡᠲᠦᠷᠡᠭᠰᠡᠨ ᠪᠠᠶᠢᠳᠠᠭ᠃ ᠡᠶᠢᠮᠦ ᠠᠴᠠ ᠲᠤᠤᠷᠠᠬᠢ ᠬᠡᠳᠦᠨ ᠲᠠᠯ᠎ᠠ ᠪᠠᠷ ᠠᠩᠬᠠᠷᠪᠠᠯ ᠵᠤᠬᠢᠨ᠎ᠠ᠄

ᠨᠢᠭᠡ᠂ ᠲᠠᠷᠪᠤᠰ ᠤᠨ ᠬᠡᠵᠢᠶ᠎ᠡ ᠬᠡᠷᠴᠢᠭᠰᠡᠨ ᠢ ᠨᠢ ᠮᠡᠳᠡᠬᠦ ᠦᠭᠡᠢ ᠪᠣᠯ ᠬᠤᠨᠤᠭ ᠦᠨᠵᠢᠭᠡᠵᠤ ᠪᠣᠯᠬᠤ ᠦᠭᠡᠢ᠃

ᠬᠤᠶᠠᠷ᠂ ᠬᠦᠯᠳᠡᠬᠡᠭᠦᠷ ᠲᠤ ᠬᠠᠳᠠᠭᠠᠯᠠᠭᠰᠠᠨ ᠦᠭᠡᠢ ᠵᠢᠵᠢᠭᠯᠡᠨ ᠬᠡᠷᠴᠢᠭᠰᠡᠨ ᠲᠠᠷᠪᠤᠰ ᠢ ᠪᠢᠳᠡᠬᠡᠢ ᠬᠤᠳᠠᠯᠳᠤᠨ ᠠᠪᠤᠭᠠᠷᠠᠢ᠃

ᠭᠤᠷᠪᠠ᠂ ᠲᠠᠷᠪᠤᠰ ᠢ ᠬᠠᠭᠠᠯᠤᠭᠰᠠᠨ ᠬᠤᠶᠢᠨ᠎ᠠ ᠢᠳᠡᠬᠦ ᠬᠡᠰᠡᠭ ᠢᠶᠠᠨ ᠦᠯᠡᠳᠡᠭᠡᠵᠤ᠂ ᠢᠳᠡᠬᠦ ᠦᠭᠡᠢ ᠬᠡᠰᠡᠭ ᠢᠶᠠᠨ ᠰᠠᠶᠢᠳᠤᠷ ᠪᠦᠳᠡᠭᠡᠵᠤ ᠲᠠᠷᠤᠶᠢᠬᠠᠨ ᠬᠦᠯᠳᠡᠭᠡᠭᠦᠷ ᠲᠤ ᠬᠢᠵᠦ ᠬᠠᠳᠠᠭᠠᠯᠠᠭᠠᠷᠠᠢ᠃

ᠲᠦᠷᠪᠠ᠂ ᠲᠦᠭᠦᠬᠡᠢ ᠢᠳᠡᠭᠡᠨ ᠪᠠ ᠪᠣᠯᠭᠤᠭᠰᠠᠨ ᠢᠳᠡᠭᠡᠨ ᠬᠡᠷᠴᠢᠳᠡᠭ ᠭᠢᠳᠤᠭ᠎ᠠ ᠠᠮᠪᠠᠨ ᠢᠶᠠᠨ ᠡᠷᠬᠡᠪᠰᠢ ᠰᠠᠯᠭᠠᠵᠦ ᠬᠡᠷᠡᠭᠯᠡᠬᠦ ᠬᠡᠷᠡᠭᠳᠡᠢ᠃

ᠲᠠᠪᠤ᠂ ᠬᠦᠯᠳᠡᠭᠡᠭᠦᠷ ᠲᠤ ᠪᠤᠯᠭᠤᠭᠰᠠᠨ ᠢᠳᠡᠭᠡᠨ ᠪᠠ ᠲᠦᠭᠦᠭᠡᠢ ᠢᠳᠡᠭᠡᠨ ᠢ ᠡᠷᠬᠡᠪᠰᠢ ᠰᠠᠯᠭᠠᠨ ᠬᠠᠳᠠᠭᠠᠯᠠᠵᠤ᠂ ᠲᠠᠷᠪᠤᠰ ᠢᠶᠠᠨ ᠬᠠᠮᠤᠭ ᠲᠡᠭᠡᠷ᠎ᠠ ᠭᠡᠰᠡᠭ ᠲᠤᠨᠢ ᠪᠤᠶᠤ ᠵᠢᠮᠢᠰ ᠬᠠᠳᠠᠭᠠᠯᠠᠳᠠᠭ ᠲᠤᠰᠬᠠᠢ ᠲᠠᠰᠤᠯᠭᠠᠨ ᠳᠤᠨᠢ ᠬᠢᠪᠡᠯ ᠵᠤᠬᠢᠨ᠎ᠠ᠃

ᠡᠭᠦᠨ ᠠᠴᠠ ᠭᠠᠳᠠᠨ᠎ᠠ ᠭᠢᠳᠡᠳ ᠡᠮᠨᠡᠯᠭᠡ ᠶᠢᠨ ᠲᠠᠯ᠎ᠠ ᠠᠴᠠ ᠠᠪᠴᠤ ᠬᠡᠯᠡᠪᠠᠯ᠂ ᠲᠠᠷᠪᠤᠰ ᠪᠤᠯ ᠬᠦᠢᠳᠡᠨ ᠰᠡᠷᠢᠭᠦᠨ ᠴᠢᠨᠠᠷ ᠲᠠᠢ ᠪᠣᠯᠬᠤᠷ ᠶᠡᠭᠡ ᠢᠳᠡᠪᠡᠯ ᠭᠡᠳᠡᠰᠦ ᠬᠤᠳᠣᠭᠤᠳᠤᠨ ᠳᠤ ᠮᠠᠭᠤ ᠶᠤᠮ᠃ ᠬᠤᠳᠤᠭᠤᠳᠤ ᠬᠡᠳᠡᠰᠦᠨ ᠤ ᠰᠢᠷᠬᠠᠯᠠᠭ᠎ᠠ ᠲᠠᠢ ᠬᠦᠮᠦᠰ ᠪᠠ ᠰᠠᠷ᠎ᠠ ᠶᠢᠨ ᠭᠭᠢᠷ ᠢᠷᠡᠭᠰᠡᠨ ᠦᠶ᠎ᠡ ᠳᠤ ᠲᠠᠷᠪᠤᠰ ᠢᠳᠡᠬᠦ ᠦᠭᠡᠢ ᠪᠤᠶᠤ ᠪᠠᠭ᠎ᠠ ᠢᠳᠡᠪᠡᠯ ᠵᠤᠬᠢᠨ᠎ᠠ᠃

ᠢᠷᠡᠯᠳᠡ : 

 ᠲᠤᠮᠳᠠᠳᠦ ᠤᠯᠤᠰ ᠤᠨ ᠮᠤᠩᠭᠤᠯ ᠷᠠᠳᠢᠤ᠋ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ