ᠵᠡᠭᠦᠨ ᠦᠵᠦᠮᠦᠴᠢᠨ ᠬᠤᠰᠢᠭᠤᠨ ᠤ ᠤᠯᠠᠭᠠᠢ ᠨᠡᠭᠡᠭᠡᠯᠳᠠ ᠶᠢᠨ ᠤᠷᠤᠨ ᠠᠴᠠ ᠮᠠᠨᠳᠤᠬᠤᠪᠤᠯᠠᠭ ᠪᠠᠯᠭᠠᠰᠤ ᠤᠷᠤᠭᠤ ᠤᠷᠤᠬᠤ ᠳᠤ᠂ ᠨᠠᠷᠢᠬᠠᠨ ᠱᠦᠢᠨᠢ ᠵᠠᠮ ᠢᠶᠠᠷ 70 ᠭᠠᠷᠤᠢ ᠺᠢᠯᠦᠮᠧᠲᠷ ᠶᠠᠪᠤᠭᠤᠯᠳᠠᠭ᠃ ᠵᠠᠮ ᠨᠢ ᠨᠠᠷᠢᠬᠠᠨ ᠴᠦ ᠪᠠᠷᠳᠠᠭ᠎ᠠ ᠦᠭᠡᠢ ᠰᠠᠶᠢᠬᠠᠨ ᠯᠠ ᠵᠠᠮ᠃ ᠬᠠᠷᠢᠨ ᠵᠠᠮ ᠳᠤᠵᠢ ᠨᠢᠳᠦ ᠰᠠᠯᠭᠠᠵᠤ ᠶᠠᠳᠠᠮᠠᠷ ᠰᠠᠶᠢᠬᠠᠨ ᠠᠭᠤᠯᠠ ᠳᠤᠯᠤᠭᠠᠳ᠂ ᠳᠠᠯ᠎ᠠ ᠤᠰᠤᠨ ᠤ ᠦᠵᠡᠮᠵᠢ ᠲᠠᠢ ᠪᠠᠶᠢᠳᠠᠭ ᠨᠢ ᠡᠨᠡ ᠨᠤᠳᠤᠭ — ᠮᠠᠨᠳᠤᠬᠤᠪᠤᠯᠠᠭ ᠤᠨ ᠤᠨᠴᠠᠯᠢᠭ᠃

ᠠᠭᠤᠯᠠᠨ ᠳᠤ ᠵᠢᠷᠭᠠᠬᠤ ᠶᠢ ᠶᠠᠭᠠᠷᠠᠭᠰᠠᠨ ᠨᠠᠷᠠ ᠲᠠᠢ ᠤᠷᠤᠯᠳᠤᠭᠤᠯᠤᠨ ᠭᠠᠯᠭᠢᠭᠤᠯᠵᠤ᠂ ᠳᠡᠭᠷᠢ ᠶᠢᠨ ᠭᠢᠵᠠᠭᠠᠷ ᠭᠦᠷᠳᠡᠯ᠎ᠠ ᠨᠡᠯᠦ᠋ᠢᠭᠰᠡᠨ ᠭᠦᠳᠡᠭᠡ ᠳᠠᠯ᠎ᠠ ᠶᠢᠨ ᠦᠵᠡᠰᠭᠦᠯᠡᠩ ᠢ ᠪᠠᠭ᠋ᠠᠷᠬᠠᠨ ᠶᠠᠪᠤᠳᠠᠯ᠎ᠠ᠂ ᠳᠤᠯᠤᠭᠤᠳ ᠪᠦᠷᠭᠦᠳᠠᠯ᠎ᠠ ᠪᠡᠯᠴᠢᠭᠰᠡᠨ ᠠᠳᠤᠭᠤᠨ ᠰᠦᠷᠦᠭ ᠳᠤᠳᠤᠷᠠᠨ ᠭᠠᠷᠴᠦ ᠢᠷᠡᠳᠡᠭ ᠪᠠᠶᠢᠨ᠎ᠠ᠃ ᠭᠠᠭᠴᠠ ᠬᠤᠶᠠᠷ ᠠᠵᠢᠷᠭ᠎ᠠ ᠠᠳᠤᠭᠤ ᠪᠤᠯ ᠵᠠᠮ ᠳᠤᠵᠢ ᠳᠠᠭᠠᠷᠠᠯᠳᠤᠵᠤ ᠯᠠ ᠶᠠᠪᠤᠭᠰᠠᠨ᠂ ᠬᠠᠷᠢᠨ ᠢᠡᠭᠭᠢᠵᠤ ᠠᠭᠤᠯᠠ ᠳᠠᠯ᠎ᠠ ᠶᠢ ᠪᠦᠷᠭᠦᠳᠠᠯ᠎ᠠ ᠪᠡᠯᠴᠢᠭᠰᠡᠨ ᠠᠳᠤᠭᠤ ᠨᠢᠳᠦᠨ ᠳᠤ ᠦᠷᠳᠦᠵᠤ ᠤᠷᠤᠵᠤ ᠢᠷᠡᠭᠦ ᠪᠠᠷ ᠯᠠ ᠪᠠᠰᠠ ᠶᠠᠭᠠᠭᠢᠬᠤ ᠶᠢᠨ ᠠᠷᠭ᠎ᠠ ᠦᠭᠡᠢ ᠰᠡᠳᠭᠢᠯ ᠵᠢᠷᠦᠭᠡ ᠶᠢ ᠦᠨᠳᠡᠯᠵᠡᠭᠦᠯᠦᠨ᠎ᠡ᠃ ᠨᠠᠳᠠ ᠰᠢᠬ ᠭᠦᠳᠡᠭᠡ ᠲᠦᠷᠦᠵᠤ ᠮᠠᠯ ᠲᠠᠢ ᠨᠤᠴᠤᠯᠳᠤᠵᠤ ᠦᠰᠦᠭᠰᠡᠨ ᠰᠤᠷᠪᠤᠯᠵᠢᠯᠠᠭᠴᠢ ᠴᠦ ᠡᠭᠦᠨ ᠢ ᠬᠠᠷᠠᠭᠠᠳ ᠳᠤᠭᠳᠤᠯᠬᠤ ᠦᠭᠡᠢ ᠪᠠᠶᠢᠵᠤ ᠴᠢᠳᠠᠭᠰᠠᠨ ᠦᠭᠡᠢ᠂ ᠨᠡᠩ ᠴᠤ ᠬᠠᠮᠳᠦ ᠶᠠᠪᠤᠭᠰᠠᠨ ᠭᠡᠳᠦᠨ ᠰᠤᠷᠪᠤᠯᠵᠢᠯᠠᠭᠴᠢ ᠮᠠᠨᠢ ᠬᠦᠢ ᠪᠠᠶᠢᠵᠠ ᠦᠭᠡᠢ ᠳᠤᠭᠳᠤᠯᠴᠢᠬᠠᠭᠰᠠᠨ ᠪᠦᠭᠡᠮ ᠳᠡᠪᠵᠢᠶᠠᠨ ᠪᠤᠯᠵᠤ᠂ ᠡᠭᠦᠷᠦᠭᠰᠡᠨ ᠪᠠᠷᠢᠬᠰᠠᠨ ᠪᠠᠭᠠᠵᠢ ᠲᠤᠨᠤᠬ ᠢᠶᠠᠨ ᠵᠦᠭ ᠵᠦᠭ ᠲᠡᠭᠡᠨ ᠲᠠᠴᠢᠭᠢᠨᠠᠭᠤᠯᠤᠨ᠂ ᠠᠭᠤᠵᠢᠷᠠᠳᠠᠯ᠎ᠠ ᠨᠢᠭᠡ ᠵᠢᠷᠤᠭᠯᠠᠬᠤ ᠶᠢᠨ ᠰᠦᠢᠳ ᠪᠤᠯᠵᠤ ᠭᠠᠷᠤᠯ᠎ᠠ᠃ 

e61d28d3-4455-4b5b-bd51-79c4cc5436ea.jpg

8806431b-e2cd-4db8-b601-4b01392f346c.jpg

a3f4488b-2baa-4070-a485-a36a199ae935.jpg

︽ᠵᠠ᠂ ᠵᠢᠷᠤᠭ ᠰᠡᠭᠦᠳᠡᠷ ᠢ ᠴᠤ ᠪᠤᠯ ᠰᠠᠶᠢᠬᠠᠨ ᠠᠪᠤᠯ᠎ᠠ᠂ ᠠᠯᠢ ᠠᠶᠢᠯ ᠤᠨ ᠭᠡᠨ ᠭᠡᠭᠴᠢ ᠶᠢᠨ ᠠᠳᠤᠭᠤ ᠪᠤᠯ︖ ᠪᠤᠯᠳᠠᠭ ᠰᠠᠨ ᠪᠤᠯ ᠤᠷᠤᠭᠠᠳ ᠰᠤᠷᠪᠤᠯᠵᠢᠯᠠᠬᠤ ᠶᠤᠮᠰᠠᠨ》 ᠭᠡᠵᠤ ᠶᠠᠷᠢᠯᠳᠤᠭᠰᠠᠨ ᠮᠠᠨ ᠤ ᠬᠡᠳᠦ ᠤᠷᠤᠢ ᠶᠢᠨ ᠨᠠᠷᠠᠨ ᠠᠴᠠ ᠤᠷᠢᠳᠠᠨ ᠪᠠᠯᠭᠠᠰᠦ ᠤᠷᠤᠪᠠ᠃ ᠪᠢᠳᠠ ᠢ ᠲᠤᠰᠴᠤ ᠠᠪᠤᠭᠰᠠᠨ ᠪᠠᠯᠭᠠᠰᠤᠨ ᠤ ᠤᠬᠠᠭᠤᠯᠬᠤ ᠭᠡᠰᠢᠭᠦᠨ ᠲᠦᠮᠡᠨᠪᠠᠶᠠᠷ᠄《ᠵᠠᠮ ᠳᠤ ᠴᠢᠨᠢ ᠨᠢᠭᠡ ᠶᠡᠭᠡ ᠠᠳᠤᠭᠤᠨ ᠰᠦᠷᠦᠭ ᠬᠠᠷᠠᠬᠳᠠᠪᠠ ᠤᠤ︖ ᠳᠤᠰᠤᠨᠨᠠᠭᠤᠷ ᠭᠠᠴᠠᠭᠠᠨ ᠤ ᠡᠷᠳᠡᠨᠢᠪᠠᠶᠠᠷ᠂ ᠨᠠᠷᠠᠨᠴᠤᠬᠳᠤ ᠠᠬ᠎ᠠ ᠲᠡᠭᠦᠤ ᠬᠤᠶᠠᠷ ᠤᠨ ᠠᠳᠤᠭᠤᠳ᠃ ᠮᠠᠷᠭᠠᠰᠢ ᠲᠠᠨᠠᠷ ᠤᠨ ᠰᠤᠷᠪᠤᠯᠵᠢᠯᠠᠭ᠎ᠠ ᠶᠢ ᠲᠡᠨᠳᠡ ᠲᠤᠬᠢᠷᠠᠭᠤᠯᠤᠬᠰᠠᠨ》 ᠭᠡᠵᠦ ᠶᠠᠷᠢᠬᠤ ᠶᠢ ᠰᠤᠨᠤᠰᠤᠭᠠᠳ ᠪᠢᠳᠠ ᠭᠡᠳᠦ ᠶᠠᠬ ᠯᠡ ᠬᠠᠭᠤᠴᠢᠨ ᠳᠠᠨᠢᠯ ᠤᠨ ᠳᠠᠭᠠᠨ ᠤᠴᠢᠬᠤ ᠶᠤᠮᠰᠢᠭ ᠪᠠᠶᠠᠷᠯᠠᠵᠤ ᠠᠪᠤᠭᠰᠠᠨ ᠪᠢᠯᠠ᠃

ᠡᠷᠳᠡᠨᠢᠪᠠᠶᠠᠷ᠂ ᠨᠠᠷᠠᠨᠴᠤᠭᠳᠦ ᠬᠤᠶᠠᠭᠤᠯᠠ ᠡᠵᠢ ᠠᠪᠤ ᠠᠴᠠ ᠠᠬ᠎ᠠ ᠡᠭᠡᠴᠢ ᠳᠡᠭᠦᠦ ᠵᠢᠷᠭᠤᠭᠤᠯᠠ ᠪᠠᠶᠢᠭᠰᠠᠨ ᠠᠴᠠ ᠨᠤᠳᠤᠭ ᠬᠤᠪᠢᠶᠠᠬᠤ ᠳᠤ ᠤᠷᠢᠳ ᠬᠤᠵᠢᠳ 4 ᠳᠦᠮᠠ ᠭᠠᠷᠤᠢ ᠨᠤᠳᠤᠭ ᠬᠤᠪᠢᠶᠠᠵᠤ ᠤᠯᠤᠭᠰᠠᠨ ᠢᠶᠠᠷ ᠢᠶᠠᠨ ᠠᠳᠤᠭᠤ ᠮᠠᠯᠵᠢᠬᠤ ᠰᠠᠭᠤᠷᠢ ᠲᠠᠢ ᠪᠤᠯᠤᠭᠰᠠᠨ ᠪᠠᠶᠢᠳᠠᠭ᠃ ᠳᠠᠳᠠᠨ ᠤ ᠭᠡᠳᠦᠨ ᠡᠭᠡᠴᠢ ᠳᠡᠭᠦᠦ ᠨᠢ ᠬᠤᠶᠢᠨ᠎ᠠ ᠬᠤᠶᠢᠨ᠎ᠠ ᠠᠴᠠ ᠪᠠᠨ ᠬᠠᠷᠢ ᠳᠤ ᠮᠤᠷᠳᠠᠵᠤ᠂ ᠤᠳᠬᠤᠨ ᠳᠡᠭᠦᠦ ᠨᠢ ᠴᠦ ᠠᠵᠢᠯ ᠠᠯᠪᠠ ᠶᠢᠨ ᠮᠦᠷ ᠭᠦᠭᠡᠭᠡᠭᠰᠡᠨ ᠢᠶᠠᠷ ᠮᠠᠯ ᠳᠡᠭᠡᠷ᠎ᠠ ᠭᠤᠤᠯᠳᠠᠭᠤ ᠨᠠᠷᠠᠨᠴᠤᠭᠳᠦ᠂ ᠡᠷᠳᠡᠨᠢᠪᠠᠶᠠᠷ ᠬᠤᠶᠠᠭᠤᠯᠠ ᠭᠤᠤᠯᠳᠠᠳᠠᠭ ᠪᠤᠯᠤᠭᠰᠠᠨ ᠶᠤᠮ ᠭᠡᠨ᠎ᠠ᠃

ᠵᠠᠬ᠎ᠠ ᠳᠡᠯᠭᠡᠭᠦᠷ ᠤᠨ ᠠᠵᠤ ᠠᠬᠤᠢ ᠶᠢᠨ ᠦᠵᠡᠯ ᠤᠬᠠᠮᠰᠠᠷ ᠮᠠᠯᠵᠢᠬᠤ ᠤᠷᠤᠨ ᠳᠤ ᠵᠠᠢ ᠠᠪᠴᠤ᠂ ᠭᠦᠮᠦᠰ ᠠᠰᠢᠬ ᠤᠷᠤᠯᠭ᠎ᠠ ᠪᠠᠷ ᠮᠠᠯ ᠮᠠᠯᠵᠢᠯ ᠤᠨ ᠪᠠᠷᠢᠮᠵᠢᠶ᠎ᠠ ᠪᠤᠯᠭᠠᠭᠰᠠᠨ ᠦᠨᠦᠳᠦᠷ ᠠᠳᠤᠭᠤ ᠰᠢᠭ᠋ ᠠᠰᠢᠬ ᠤᠷᠤᠯᠭ᠎ᠠ ᠪᠠᠭᠠᠳᠠᠢ ᠪᠤᠳᠠ ᠮᠠᠯ ᠢ ᠮᠠᠯᠵᠢᠳᠠᠭ ᠬᠦᠮᠦᠨ ᠬᠤᠪᠤᠷᠳᠠᠵᠠᠢ᠂ ᠨᠡᠩ ᠡᠷᠳᠠᠨᠢᠪᠠᠶᠠᠷ ᠨᠠᠷᠠᠨᠴᠤᠭᠳᠦ ᠰᠢᠭ᠋ ᠤᠯᠠᠨ ᠢᠶᠠᠷ ᠮᠠᠯᠵᠢᠳᠠᠭ ᠭᠦᠮᠦᠨ ᠡᠳᠦᠷ ᠤᠨ ᠤᠳᠤ ᠰᠢᠬ ᠴᠦᠭᠡᠷᠡᠭᠰᠡᠨ᠃ ᠭᠡᠷᠪᠡ ᠪᠠᠶᠢᠭ᠎ᠠ ᠪᠤᠯ ᠲᠠᠯ᠎ᠠ ᠨᠤᠳᠤᠬ ᠤᠨ ᠰᠦᠭ ᠰᠦᠨᠡᠰᠦ ᠭᠡᠭᠳᠡᠭᠰᠡᠨ᠂ ᠮᠤᠩᠭᠤᠯ ᠭᠦᠮᠦᠨ ᠤ ᠬᠠᠨᠢ ᠳᠦᠰᠢᠭ ᠪᠤᠯᠤᠬᠰᠠᠨ ᠠᠳᠤᠭᠤ ᠭᠡᠳᠡᠭ ᠠᠳᠤᠭᠤᠰᠤᠨ ᠳᠤ ᠠᠷᠭ᠎ᠠ ᠦᠭᠡᠢ ᠬᠠᠶᠢᠷᠠᠳᠠᠢ ᠪᠠᠶᠢᠳᠠᠭ ᠨᠢ ᠯᠠᠪᠳᠠᠢ᠃ ᠶᠠᠭ ᠡᠶᠢᠮᠦ ᠰᠡᠳᠭᠢᠯᠭᠡ ᠲᠠᠢ ᠭᠦᠮᠦᠨ ᠤ ᠨᠢᠭᠡ ᠨᠢ ᠡᠷᠳᠡᠨᠢᠪᠠᠶᠠᠷ ᠪᠠᠶᠢᠭᠰᠠᠨ᠃ ᠳᠠᠷᠠ ᠦᠪᠡᠷ ᠢᠶᠠᠨ ᠮᠠᠨᠳᠤᠬᠤᠪᠤᠯᠠᠭ ᠪᠠᠯᠭᠠᠰᠤᠨ ᠤ ᠰᠤᠶᠤᠯ ᠤᠨ ᠦᠷᠳᠡᠭᠡᠨ ᠳᠤ ᠠᠵᠢᠯ ᠠᠯᠪᠠ ᠲᠠᠢ ᠮᠦᠷᠳᠡᠯ᠎ᠠ ᠪᠠᠨ ᠴᠠᠭ ᠵᠠᠪ ᠪᠠᠶᠢᠪᠠᠯ ᠠᠳᠤᠭᠤ ᠮᠠᠯ ᠢᠶᠠᠨ ᠭᠡᠵᠤ ᠪᠠᠯᠭᠠᠰᠦ ᠭᠦᠳᠡᠭᠡ ᠭᠡᠷ ᠤᠨ ᠬᠤᠭᠤᠷᠤᠨᠳᠦ ᠭᠦᠶᠦᠵᠤ ᠯᠠ ᠪᠠᠶᠢᠳᠠᠭ᠃

98 ᠤᠨ ᠳᠤ ᠰᠤᠷᠭᠠᠭᠤᠯᠢ ᠳᠡᠭᠦᠰᠦᠭᠡᠳ ᠬᠠᠷᠢᠵᠤ ᠢᠷᠡᠭᠰᠡᠨ ᠡᠷᠳᠡᠨᠢᠪᠠᠶᠡᠷ ᠠᠶᠢᠯ ᠠᠶᠢᠮᠠᠭ ᠤᠨ ᠠᠬᠠᠨ ᠳᠡᠭᠦᠦᠰ ᠤᠨ ᠠᠳᠤᠭᠤ ᠨᠠᠭᠠᠳᠦᠵᠤ ᠪᠠᠶᠢᠬᠤ ᠶᠢ ᠦᠵᠡᠭᠡᠳ ᠦᠪᠡᠷ ᠢᠶᠠᠨ ᠴᠤ ᠮᠠᠯᠴᠢᠨ ᠭᠦᠮᠦᠨ ᠤ ᠬᠤᠶᠢᠴᠢ ᠪᠠᠶᠢᠨ᠎ᠠ ᠭᠡᠮᠡᠨ ᠡᠮᠨᠢᠭ ᠤᠨᠤᠵᠤ ᠦᠵᠡᠭᠰᠡᠨ ᠪᠤᠯ ᠠᠩᠬ᠎ᠠ ᠤᠳᠠᠭ᠎ᠠ ᠠᠷᠳᠠᠭ ᠳᠤᠭᠰᠢᠨ ᠡᠮᠨᠢᠭ ᠤᠨ ᠨᠢᠷᠤᠭᠤᠨ ᠳᠤ ᠳᠤᠭᠳᠠᠬᠤ ᠳᠡᠷᠡᠭᠦ ᠭᠱᠠᠨ ᠳᠤ ᠠᠳᠤᠭᠤ ᠮᠤᠷᠢᠨ ᠳᠤ ᠭᠤᠤᠯ ᠤᠨ ᠭᠡᠢ ᠲᠠᠢ ᠪᠤᠯᠵᠤ ᠭᠡᠨ᠎ᠠ᠃

ᠶᠠᠭ ᠳᠠᠷᠠ ᠵᠢᠯ ᠳᠠᠳᠠᠨᠠᠶᠢᠭᠢᠨ ᠰᠠᠶᠢ ᠨᠠᠶᠠᠭᠠᠳ ᠯᠠ ᠠᠳᠤᠭᠤ ᠲᠠᠢ ᠪᠠᠶᠢᠭᠰᠠᠨ ᠪᠠ ᠭᠡᠭᠡᠷ᠎ᠠ ᠶᠢᠨ ᠨᠤᠬᠠᠢ ᠳᠤ ᠪᠠᠷᠢᠭᠤᠯᠬᠤ᠂ ᠭᠡᠮ ᠬᠢᠵᠢᠭ ᠤᠷᠤᠬᠤ᠂ ᠪᠠᠰᠠ ᠠᠯᠳᠠᠵᠤ ᠭᠡᠭᠡᠭᠦ ᠵᠡᠷᠭᠡ ᠪᠠᠷ ᠠᠳᠤᠭᠤᠨ ᠤ ᠦᠰᠦᠯᠳᠠ ᠠᠨᠠᠶᠢᠬᠠᠨ ᠪᠠᠶᠢᠵᠠᠢ᠃

2012 ᠤᠨ ᠳᠤ᠂ ᠠᠵᠢᠯ ᠤᠨ ᠳᠠᠭᠠᠤ ᠨᠤᠳᠤᠭ ᠤᠨ ᠭᠦᠮᠦᠰ ᠲᠠᠢ ᠪᠠᠨ ᠰᠢᠶᠠᠩᠭᠠᠡᠭ ᠤᠤᠮᠸᠡ ᠢᠶᠠᠷ ᠳᠤᠭᠤᠷᠢᠵᠤ ᠢᠷᠡᠭᠡᠳ ᠨᠦᠭᠦᠭᠡᠳᠦᠭᠦᠯᠠ ᠳᠡᠭᠡᠨ ᠪᠢ ᠨᠢᠭᠡ ᠠᠳᠤᠭᠤ ᠦᠰᠭᠡᠵᠤ ᠦᠵᠡ᠊ ᠡᠶ᠎ᠡ᠂ ᠮᠢᠩᠭ᠎ᠠ ᠭᠦᠷᠭᠡᠮᠠᠷ ᠰᠠᠨᠠᠭᠳᠠᠬᠤ ᠶᠤᠮ ᠭᠡᠭᠦ ᠪᠤᠳᠤᠯ ᠢᠶᠠᠨ ᠳᠡᠯᠭᠡᠵᠤ ᠪᠠᠶᠢᠭᠰᠠᠨ ᠪᠠ ᠳᠡᠭᠦᠨ ᠠᠴᠠ ᠬᠤᠶᠢᠰᠢ ᠠᠬ᠎ᠠ ᠨᠠᠷᠠᠨᠴᠤᠭᠳᠦ ᠲᠠᠢ ᠬᠠᠮᠳᠦ ᠠᠳᠤᠭᠤ ᠶᠢ ᠦᠰᠭᠡᠶ᠎ᠠ ᠭᠡᠮᠡᠨ ᠰᠢᠢᠳᠴᠤ ᠴᠢᠷᠮᠠᠶᠢᠵᠠᠢ᠃

ᠠᠳᠤᠭᠤ ᠦᠰᠭᠡᠨ᠎ᠠ ᠭᠡᠵᠤ ᠭᠡᠶᠢᠮᠦᠷᠢᠳᠠᠢ ᠵᠤᠭᠠᠳᠠᠢ ᠠᠵᠤ ᠪᠠᠶᠢᠳᠠᠭ ᠴᠦ ᠨᠢᠭᠡ ᠶᠤᠰᠤᠨ ᠳᠠᠭᠠᠨ ᠮᠠᠰᠢ ᠭᠦᠴᠢᠷ ᠲᠠᠢ ᠪᠠᠶᠢᠳᠠᠭ ᠨᠢ ᠮᠡᠳᠡᠭᠡᠵᠢ᠃ ᠤᠰᠤᠨ ᠤ ᠳᠤᠩᠭᠠᠯᠠᠭ ᠢ ᠲᠠᠭᠠᠵᠦ ᠡᠪᠡᠰᠦᠨ ᠤ ᠰᠤᠷᠭᠤᠭ ᠲᠤ ᠢᠳᠡᠰᠢᠯᠡᠳᠡᠭ ᠠᠳᠤᠭᠤᠨ ᠳᠤ ᠠᠭᠤᠵᠢᠭᠤ ᠪᠠᠭᠳᠠᠭᠠᠮᠵᠢᠳᠠᠢ ᠪᠡᠯᠴᠢᠭᠡᠷ ᠤᠰᠤ ᠭᠡᠷᠡᠭᠳᠠᠢ᠃ ᠮᠠᠯᠵᠢᠬᠤ ᠤᠷᠤᠨ ᠳᠤ ᠭᠠᠵᠠᠷ ᠨᠤᠳᠤᠭ ᠬᠤᠪᠢᠶᠠᠭᠰᠠᠨ ᠠᠴᠠ ᠬᠤᠶᠢᠰᠢ᠂ ᠤᠤᠯ ᠤᠤᠯ ᠤᠨ ᠰᠢᠭ᠋ ᠬᠠᠮᠢᠭ᠎ᠠ ᠭᠢᠵᠠᠭᠠᠷ ᠦᠭᠡᠢ ᠪᠡᠯᠴᠢᠭᠡᠷ ᠰᠡᠯᠭᠦᠨ ᠶᠠᠪᠤᠳᠠᠭ ᠴᠠᠭ ᠦᠶ᠎ᠠ ᠤᠷᠤ ᠳᠠᠰᠤ ᠦᠭᠡᠢ ᠦᠡᠭᠭᠡᠷᠠᠵᠤ ᠤᠳᠤᠭᠰᠠᠨ ᠴᠦ᠂ ᠡᠷᠳᠡᠨᠢᠪᠠᠶᠠᠷ ᠨᠠᠷᠠᠨᠴᠤᠭᠳᠦ ᠠᠬ᠎ᠠ ᠳᠠᠭᠦᠦ ᠬᠤᠶᠠᠭᠤᠯᠠ ᠦᠪᠡᠷ ᠤᠨ ᠪᠠᠶᠢᠭᠰᠠᠨ 4 ᠳᠦᠮᠠ ᠰᠢᠬᠠᠮ ᠨᠤᠳᠤᠭ ᠢᠶᠠᠨ ᠭᠡᠳᠦ ᠬᠤᠪᠢᠶᠠᠨ ᠡᠪᠤᠯ ᠵᠤᠨ ᠤ ᠡᠭᠡᠯᠵᠢᠨ ᠳᠤ ᠰᠡᠯᠭᠦᠳᠡᠭ ᠪᠠ ᠪᠠᠰᠠ 3 ᠳᠦᠮᠠ ᠭᠠᠷᠤᠢ ᠨᠤᠳᠤᠭ ᠳᠦᠷᠢᠶᠠᠰᠦᠯᠠᠨ ᠳᠤᠰᠬᠠᠢ ᠠᠳᠤᠭᠤᠨ ᠤ ᠰᠡᠯᠭᠦᠭᠡ ᠪᠡᠯᠴᠢᠭᠡᠷ ᠭᠡᠵᠤ ᠭᠠᠷᠭᠠᠵᠠᠢ᠃ ᠠᠳᠤᠭᠤ ᠮᠠᠯ ᠢᠶᠠᠨ ᠰᠡᠯᠭᠦᠨ ᠮᠠᠯᠵᠢᠬᠤ ᠶᠢ ᠪᠠᠳᠤᠯᠠᠭᠰᠠᠨ ᠠᠴᠠ ᠨᠤᠳᠤᠭ ᠪᠡᠯᠴᠢᠭᠡᠷ ᠤᠨ ᠳᠠᠷᠤᠭᠠᠰᠦ ᠶᠢ ᠭᠦᠡᠭᠭᠡᠯᠡᠵᠤ᠂ ᠠᠮᠢ ᠠᠬᠤᠢ ᠶᠢᠨ ᠳᠡᠩᠴᠡᠭᠦᠷᠢ ᠶᠢ ᠴᠦ ᠪᠠᠳᠤᠯᠠᠵᠤ ᠴᠢᠳᠠᠭᠰᠠᠨ ᠢᠶᠠᠷ ᠪᠠᠷᠠᠬᠤ ᠦᠭᠡᠢ ᠠᠳᠤᠭᠤᠨ ᠤ ᠦᠨᠢᠷ ᠦᠰᠦᠯᠳᠠ ᠶᠢ ᠪᠠᠳᠤᠯᠠᠪᠠ᠃ ᠤᠷᠤᠯᠭ᠎ᠠ ᠪᠠᠭᠠᠳᠠᠢ ᠵᠢᠯ ᠬᠠᠶᠠ ᠨᠢᠭᠡ ᠠᠳᠤᠭᠤ ᠵᠠᠷᠤᠳᠠᠭ ᠢ ᠭᠠᠷᠭᠠᠪᠠᠯ᠂ ᠤᠯᠠᠩᠭᠢ ᠳᠠᠭᠠᠨ ᠠᠮᠢᠳᠤᠷᠠᠯ ᠤᠨ ᠵᠠᠷᠤᠯᠭ᠎ᠠ ᠵᠡᠷᠭᠡ ᠪᠠᠨ ᠤᠨᠳᠤᠤ ᠮᠠᠯ ᠠᠴᠠ ᠪᠠᠨ ᠭᠠᠷᠭᠠᠳᠠᠭ᠃ ᠭᠠᠨᠭ᠌ ᠵᠢᠯ ᠪᠤᠯᠪᠠᠯ ᠪᠦᠷ ᠲᠡᠷᠡ ᠬᠤᠯᠠ ᠶᠢᠨ ᠨᠠᠷᠢᠨ ᠭᠤᠤᠯ ᠤᠨ ᠵᠤᠰᠠᠯᠠᠩ ᠳᠤ ᠭᠦᠮᠦᠨ ᠤ ᠨᠤᠳᠤᠭ ᠳᠦᠷᠢᠶᠠᠰᠤᠯᠠᠨ ᠠᠳᠤᠭᠤ ᠪᠠᠨ ᠭᠦᠭᠡᠭᠡᠵᠤ ᠴᠦ ᠦᠵᠡᠭᠰᠡᠨ ᠤᠳᠠᠭ᠎ᠠ ᠲᠠᠢ᠃  

ddf0e164-4253-4006-b49e-a3c7a90c2a66.jpg

4b672edf-0452-4bab-bcbf-55c5d055b0d7.jpg

ᠵᠤᠷᠢᠯᠭ᠎ᠠ ᠳᠤᠳᠤᠷᠬᠠᠢ ᠦᠢᠯᠡᠰᠴᠢ ᠭᠦᠮᠦᠨ ᠭᠦᠳᠡᠯᠮᠦᠷᠢᠴᠢ ᠪᠠᠶᠢᠪᠠᠯ ᠳᠠᠷᠠ ᠬᠦᠮᠦᠨ ᠦᠢᠯᠡᠰ ᠤᠨ ᠤᠷᠭᠢᠯ ᠳᠤ ᠭᠠᠷᠬᠤ ᠦᠭᠡᠢ ᠦᠭᠡᠷ᠎ᠠ ᠭᠡᠨ ᠭᠠᠷᠬᠤ ᠪᠢᠯᠠ᠃ ᠭᠡᠳᠦᠨ ᠵᠢᠯ ᠤᠨ ᠠᠬ᠎ᠠ ᠳᠡᠭᠦᠦ ᠬᠤᠶᠠᠷ ᠤᠨ ᠬᠠᠮᠳᠦ ᠶᠢᠨ ᠴᠢᠷᠮᠠᠶᠢᠯᠭ᠎ᠠ ᠪᠠᠷ ᠳᠠᠳᠠᠨ ᠤ ᠠᠳᠤᠭᠤ ᠦᠨᠢᠷ ᠦᠰᠴᠦ᠂ 2016 ᠤᠨ ᠪᠤᠯᠬᠤ ᠳᠤ ᠳᠠᠳᠠᠨ ᠤ ᠠᠳᠤᠭᠤ ᠮᠢᠩᠭ᠎ᠠ ᠶᠢᠨ ᠳᠠᠪᠠᠭ᠎ᠠ ᠶᠢ ᠳᠠᠪᠠᠵᠤ᠂ ᠭᠦᠨᠳᠠᠢ ᠵᠤᠤ ᠪᠦᠷᠭᠦᠨ ᠪᠡᠯᠴᠢᠭᠰᠡᠨ ᠦᠵᠦᠮᠦᠴᠢᠨ ᠠᠳᠤᠭᠤᠨ ᠰᠦᠷᠦᠭ ᠨᠢ ᠬᠠᠶᠢᠷᠠᠯᠠᠵᠤ ᠦᠨᠳᠡᠯᠵᠡᠭᠰᠡᠨ ᠡᠵᠡᠨ ᠢᠶᠠᠨ ᠪᠠᠶᠠᠷᠯᠠᠭᠤᠯᠤᠯ᠎ᠠ᠃ ᠳᠠᠷᠠ ᠵᠢᠯ ᠨᠢ ᠮᠠᠯᠴᠢᠨ ᠡᠷᠳᠡᠨᠢᠪᠠᠶᠠᠷ ᠨᠠᠷᠠᠨᠴᠤᠭᠳᠦ ᠬᠤᠯᠠ ᠦᠢᠷ᠎ᠠ ᠳᠠᠭᠠᠨ ᠠᠯᠳᠠᠷᠳᠠᠢ《ᠮᠢᠩᠭᠠᠨ ᠠᠳᠤᠭᠤᠨ ᠤ ᠨᠠᠶᠢᠷ》 ᠭᠢᠵᠤ᠂ ᠬᠠᠶᠢᠷᠠᠳᠠᠢ ᠠᠳᠤᠭᠤᠳ ᠢᠶᠠᠨ ᠮᠢᠯᠢᠶᠠᠵᠤ᠂ ᠬᠤᠯᠠ ᠦᠢᠷ᠎ᠠ ᠶᠢᠨ ᠭᠦᠮᠦᠨ ᠵᠤᠨ ᠳᠤ ᠠᠯᠳᠠᠷ ᠪᠠᠶᠠᠰᠤᠯ ᠤᠨ ᠵᠤᠭ᠎ᠠ ᠲᠠᠢ ᠵᠤᠭᠤᠭ ᠪᠤᠯᠤᠨ ᠳᠠᠮᠵᠢᠭᠳᠠᠵᠠᠢ᠃

ᠴᠠᠭ ᠮᠦᠴᠠ ᠤᠷᠤᠰᠤᠨ ᠤᠷᠤᠰᠤᠭᠰᠠᠭᠠᠷ ᠁ ᠳᠡᠨᠵᠢ ᠬᠤᠳᠤᠯᠵᠠᠭᠤᠯᠤᠨ ᠳᠡᠯᠡᠭᠡᠢ ᠪᠠᠶᠠᠰᠬᠠᠭᠰᠠᠨ《ᠮᠢᠩᠭᠠᠨ ᠠᠳᠤᠭᠤᠨ ᠤ ᠨᠠᠶᠢᠷ》 ᠦᠡᠭᠭᠡᠷᠡᠭᠡᠳ 4 ᠵᠢᠯ ᠪᠤᠯᠴᠢᠬᠠᠵᠠᠢ᠃ ᠡᠨᠡ ᠬᠤᠭᠤᠷᠤᠨᠳᠦ ᠳᠠᠰᠤᠭ ᠪᠤᠰᠤᠭ ᠦᠷᠭᠦᠯᠵᠢᠯᠡᠭᠰᠡᠨ ᠭᠠᠨᠭ᠌ ᠬᠠᠭᠰᠠᠷᠭᠠᠨ ᠨᠤᠳᠤᠭ ᠪᠡᠯᠴᠢᠭᠡᠷ ᠢ ᠨᠡᠯᠢᠶᠠᠳ ᠮᠠᠭᠤᠳᠠᠭᠤᠯᠵᠤ ᠡᠭᠢᠯᠡᠭᠰᠡᠨ ᠨᠢ ᠢᠯᠡᠷᠭᠡᠢ ᠪᠠᠶᠢᠯ᠎ᠠ᠃ ᠭᠡᠳᠦ᠋ᠢᠪᠡᠷ ᠨᠠᠷᠠᠨᠴᠤᠭᠳᠦ ᠡᠷᠳᠠᠨᠢᠪᠠᠶᠠᠷ ᠤᠨ ᠠᠳᠤᠭᠤᠳ ᠮᠦᠨ ᠯᠠ ᠦᠨᠢᠷ ᠦᠰᠦᠯᠳᠠ ᠪᠠᠨ ᠪᠠᠳᠤᠯᠠᠵᠤ ᠪᠠᠶᠢᠭᠰᠠᠨ ᠴᠦ᠂ ᠨᠤᠳᠤᠭ ᠪᠡᠯᠴᠢᠭᠡᠷ ᠤᠨ ᠲᠠᠷᠳᠠᠯ ᠲᠠᠴᠢᠷᠰᠢᠯ᠂ ᠠᠵᠤ ᠠᠬᠤᠢ ᠶᠢᠨ ᠳᠠᠷᠤᠯᠳᠠ ᠳᠠᠳᠠᠨᠠᠶᠢᠭᠢᠨ ᠳᠤ ᠶᠠᠭᠠᠭᠢᠬᠤ ᠠᠷᠭ᠎ᠠ ᠦᠭᠡᠢ ᠭᠠᠵᠠᠷ ᠠᠪᠴᠤ ᠡᠭᠢᠯᠠᠵᠠᠢ᠃ ᠠᠳᠤᠭᠤ ᠮᠠᠯ ᠨᠤᠳᠤᠭ ᠮᠠᠭᠤᠳᠠᠭᠤᠯᠤᠨ᠎ᠠ ᠭᠡᠵᠤ ᠶᠠᠭᠤ ᠪᠠᠶᠢᠬᠤᠪ ᠳ᠋ᠠ᠂ ᠬᠠᠷᠢᠨ ᠭᠦᠮᠦᠨ ᠤ ᠭᠦᠯ ᠯᠠ ᠭᠡᠴᠡᠭᠦᠦ ᠶᠤᠮ ᠰᠢᠦ ᠭᠡᠵᠤ ᠡᠷᠳᠡᠨᠢᠪᠠᠶᠠᠷ ᠭᠡᠯᠡᠳᠡᠭ᠃ ᠤᠨᠴᠠᠭᠠᠢᠢᠯᠠᠨ ᠦᠢᠷ᠎ᠠ ᠶᠢᠨ ᠵᠢᠯ ᠠᠳᠤᠭᠤᠨ ᠤ ᠦᠨ᠎ᠠ ᠦᠰᠦᠯᠳᠠ ᠪᠠᠷ ᠠᠨᠠᠢ᠂ ᠦᠭᠡᠷ ᠤᠨ ᠦᠨ᠎ᠠ ᠶᠡᠭᠡᠪᠡᠷ ᠦᠰᠦᠭᠰᠡᠨ ᠠᠴᠠ ᠳᠠᠳᠠ ᠬᠤᠶᠠᠭᠤᠯᠠ ᠳᠤ ᠴᠦ ᠠᠵᠤ ᠠᠬᠤᠢ ᠶᠢᠨ ᠳᠠᠩᠰᠠ ᠳᠤᠭᠠᠴᠠᠬᠤ ᠠᠰᠠᠭᠤᠳᠠᠯ ᠳᠤᠯᠭᠠᠷᠠᠭᠰᠠᠨ ᠪᠠᠶᠢᠨ᠎ᠠ᠃

ᠳᠠᠳᠠ ᠠᠵᠤ ᠠᠬᠤᠢ ᠶᠢᠨ ᠤᠷᠤᠯᠭ᠎ᠠ ᠰᠠᠶᠢᠳᠠᠢ ᠦᠭᠡᠷ ᠢᠶᠠᠨ ᠬᠠᠷᠢᠴᠠᠩᠭᠤᠢ ᠦᠰᠭᠡᠭᠦ ᠶᠢᠨ ᠳᠠᠭᠠᠤ ᠬᠤᠨᠢ ᠪᠠᠨ 3000 ᠳᠤᠭ᠎ᠠ ᠳᠤ ᠪᠠᠳᠤᠯᠠᠵᠤ ᠮᠠᠯᠵᠢᠵᠠᠢ᠃ ᠨᠢᠳᠤᠨᠤᠨ ᠠᠴᠠ ᠡᠭᠢᠯᠠᠨ ᠤᠨᠠᠭ᠎ᠠ ᠪᠠᠨ ᠬᠤᠳᠠᠯᠳᠤᠵᠤ᠂ 400 ᠭᠠᠷᠤᠢ ᠤᠨᠠᠭ᠎ᠠ ᠶᠢ ᠮᠠᠰᠢᠨ ᠳᠤ ᠭᠠᠷᠭᠠᠵᠤ᠂ ᠤᠳᠤ 800 ᠭᠠᠷᠤᠢ ᠦᠯᠡᠳᠡᠭᠡᠭᠡᠳ ᠯᠡ ᠪᠠᠶᠢᠨ᠎ᠠ᠃ ᠦᠷᠦᠪᠴᠢᠭᠡᠨ ᠰᠠᠨᠠᠵᠤ ᠦᠰᠭᠡᠵᠤ ᠳᠤᠷᠨᠢᠭᠤᠯᠤᠭᠰᠠᠨ《ᠠᠳᠤᠭᠤ ᠡᠷᠳᠡᠨᠢ》 ᠨᠢ ᠮᠠᠰᠢᠨ ᠳᠤ ᠳᠡᠭᠡᠭᠡᠭᠳᠡᠭᠦ ᠬᠤᠷᠤᠮ ᠳᠤ ᠵᠢᠷᠤᠭᠡᠨ ᠳᠡᠭᠡᠨ ᠨᠢᠯᠪᠤᠰᠤ ᠲᠠᠢ ᠬᠤᠴᠤᠷᠤᠭᠰᠠᠨ ᠢᠶᠠᠨ ᠡᠷᠳᠡᠨᠢᠪᠠᠶᠠᠷ ᠳᠤᠷᠠᠰᠬᠤ ᠠᠴᠠ ᠳᠤᠷ᠎ᠠ ᠦᠭᠡᠢ᠃ ᠬᠠᠷᠢᠨ ᠠᠯᠢ ᠡᠷᠳᠠ ᠤᠤᠯ ᠤᠨ ᠳᠠᠷᠡᠭᠦ ᠮᠤᠩᠭᠤᠯ ᠭᠦᠮᠦᠨ ᠤ ᠭᠡᠶᠢᠮᠦᠷᠢ ᠪᠤᠯᠤᠭᠰᠠᠨ《ᠠᠳᠤᠭᠤ ᠡᠷᠳᠠᠨᠢ》 ᠪᠠᠨ ᠦᠰᠭᠡᠨ᠎ᠠ ᠭᠡᠰᠡᠨ ᠵᠠᠯᠠᠭᠤ ᠨᠠᠰᠤᠨ ᠤ ᠬᠠᠯᠠᠭᠤᠨ ᠭᠡᠶᠢᠷᠭᠡᠯ ᠪᠠᠭᠤᠷᠠᠵᠤ ᠪᠠᠶᠢᠬᠰᠠᠨ ᠴᠦ ᠠᠳᠤᠭᠤ ᠪᠠᠨ ᠬᠤᠭᠤᠰᠤᠯᠠᠨ᠎ᠠ ᠭᠡᠰᠡᠨ ᠦᠭᠡᠢ᠂ ᠬᠠᠷᠢᠨ 300 ᠶᠢᠨ ᠳᠤᠭᠠᠨ ᠳᠤ ᠳᠤᠭᠳᠠᠭᠠᠵᠤ ᠮᠠᠯᠵᠢᠬᠤ ᠰᠠᠨᠠᠭ᠎ᠠ ᠪᠠᠨ ᠨᠢᠭᠤᠯᠳᠠ ᠦᠭᠡᠢ ᠪᠢᠳᠠᠨ ᠳᠤ ᠶᠠᠷᠢᠵᠤ ᠪᠠᠶᠢᠭᠰᠠᠨ ᠪᠢᠯᠠ᠃(ᠳ᠋· ᠪᠤᠯᠤᠳ ᠭᠦᠨᠪᠢᠯᠢᠭ ᠴᠤᠪᠤᠭᠤ ᠴᠠᠩ ᠾᠧ)

d528d334-a964-4c4f-919b-525083877b4d.jpg

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ