《ᠹᠷᠠᠨᠼᠢ ᠶᠢᠨ ᠬᠦᠯ ᠪᠦᠮᠪᠦᠭᠡ》ᠰᠡᠳᠬᠦᠯ ᠤᠨ ᠬᠢᠨ 20 ᠤ ᠡᠳᠦᠷ᠂ ᠬᠢᠵᠢᠭ ᠤᠨ  ᠪᠠᠶᠢᠳᠠᠯ ‍ᠤᠨ‌ᠨᠦ᠋ᠯᠦᠭᠡ ᠠᠴᠠ ᠪᠤᠯᠵᠤ ᠡᠨᠡ ᠵᠢᠯ ᠤᠨ ᠠᠯᠳᠠᠨ ᠪᠦᠮᠪᠦᠭᠡ ᠱᠠᠩᠨᠠᠯ ᠤᠨ ᠰᠢᠯᠭᠠᠷᠠᠭᠤᠯᠤᠯᠳᠠ ᠳᠤ《ᠲᠦᠪ ᠭᠤᠤᠯᠴᠢ ᠨᠦᠬᠦᠴᠡᠯ‌‍ ᠲ᠋ᠤᠳᠠᠮᠠᠭ》ᠪᠤᠯᠬᠤ ᠪᠤᠯᠬᠤᠷ ᠲᠤᠰ ᠱᠠᠩᠨᠠᠯ ᠤᠨ ᠲᠦᠷᠦᠯ ᠢ ᠡᠨᠡ ᠵᠢᠯ ᠬᠦᠴᠤᠨ ᠦᠭᠡᠢ ᠪᠤᠯᠭᠠᠵᠠᠢ ᠭᠡᠵᠤ ᠨᠡᠶᠢᠲᠡᠯᠡᠪᠡ᠃  ᠡᠨᠡ‌‍ᠪᠤᠯ 1956 ᠤᠨ ᠳᠤ ᠱᠠᠩᠨᠠᠯ ᠢ ᠭᠠᠷᠭᠠᠭᠰᠠᠠ ᠠᠴᠠ ᠨᠠᠭᠠᠰᠢ᠂ ᠠᠯᠳᠠᠨ ᠪᠦᠮᠪᠦᠭᠡ ᠱᠠᠩᠨᠠᠯ ᠤᠨ ᠰᠢᠯᠭᠠᠷᠠᠭᠤᠯᠤᠯᠳᠠ ᠶᠢ ᠠᠩᠬ᠎ᠠ‌ ᠤᠳᠠᠭ᠎ᠠ ᠬᠦᠴᠤᠨ ᠦᠭᠡᠢ ᠪᠤᠯᠭᠠᠵᠤ ᠪᠠᠶᠢᠭ᠎ᠠ ᠠᠵᠢ᠃ 

1995 ᠤᠨ ᠠᠴᠠ  ᠡᠮᠤᠨ᠎ᠡ  ᠪᠤᠯ  ᠲᠤᠰ  ᠱᠠᠩᠨᠠᠯ ᠤᠨ  ᠲᠦᠷᠦᠯ ᠢ  ᠵᠦᠪᠭᠡᠨ  ᠡᠸᠦ᠋ᠷᠤᠫᠠ ᠲᠢᠪ ᠤᠨ ᠬᠦᠯ‌‍ ᠪᠦ᠋ᠮᠪᠦᠭᠡ ᠶᠢᠨ ᠲᠠᠮᠢᠷᠴᠢᠨ ᠳᠤ ᠤᠯᠭᠤᠳᠠᠭ ᠪᠠᠶᠢᠬᠰᠡᠨ ᠠᠴᠠ《ᠡᠸᠦ᠋ᠷᠤᠫᠠ ᠶᠢᠨ ᠬᠦᠯ ᠪᠦᠮᠪᠦᠭᠡ ᠶᠢᠨ ᠠᠪᠤᠭᠠᠢ》  ᠬᠡᠮᠡᠭᠳᠡᠪᠡ᠃ 1995 ᠤᠨ ᠠᠴᠠ ᠡᠬᠢᠯᠡᠨ᠂ ᠠᠯᠳᠠᠨ ᠪᠦᠮᠪᠦᠭᠡ ᠱᠠᠩᠨᠠᠯ ᠤᠨ ᠰᠢᠯᠭᠠᠷᠠᠭᠤᠯᠤᠯᠳᠠ ᠶᠢᠨ  ᠪᠠᠷᠢᠮᠵᠢᠶ᠎ᠡ ᠶᠢ  ᠪᠦᠬᠦ  ᠲᠡᠯᠡᠭᠡᠢ ᠵᠢᠨ‌‍ ᠬᠦ᠋ᠯ ᠪᠦᠮᠪᠦᠭᠡ ᠶᠢᠨ ᠲᠠᠮᠢᠷᠴᠢᠳ ᠲᠤ ᠬᠦᠷᠳᠡᠯ᠎ᠡ ᠦᠷᠭᠡᠳᠭᠡᠪᠡ᠃ ᠠᠷᠭᠧᠨ᠋ᠲ᠋ᠢᠨ ᠬᠦᠮᠦᠨ ᠮᠸᠢᠢᠰᠢ ᠠᠯᠳᠠᠨ ᠪᠦᠮᠪᠦᠭᠡ ᠱᠠᠩᠨᠠᠯ ‍ᠤᠨ‌ ᠢᠷᠠᠭᠤ ᠠᠯᠳᠡᠷ ᠢ ᠨᠡᠶᠢᠳᠠ 6  ᠤᠳᠠᠭ᠎ᠠ  ᠬᠦᠷᠳᠡᠭᠰᠡᠨ  ᠪᠠᠶᠢᠵᠤ᠂ ᠲᠡᠤᠭᠡᠨ ᠳᠠᠬᠢ  ᠲᠤᠰ  ᠱᠠᠩᠨᠠᠯ ᠢ  ᠬᠠᠮᠤᠭ ᠤᠨ  ᠤᠯᠠᠨ‌‍ᠬᠦ᠋ᠷᠳᠡᠭᠰᠡᠨ ᠲᠠᠮᠢᠷᠴᠢᠨ ᠪᠤᠯᠵᠠᠢ᠃


ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ