ᠠᠽᠢᠶ᠎ᠠ ᠲᠢᠪ ᠤᠨ ᠬᠥᠯ ᠪᠥᠮᠪᠦᠭᠡ ᠶᠢᠨ ᠬᠤᠯᠪᠣᠭ᠎ᠠ 1 ᠤ ᠡᠳᠦᠷ  ᠢᠯᠡᠷᠬᠡᠶᠢᠯᠡᠭᠰᠡᠨ ᠨᠢ᠂ 5 ᠤᠯᠤᠰ ᠤᠨ ᠬᠥᠯ ᠪᠥᠮᠪᠦᠭᠡ ᠶᠢᠨ ᠨᠡᠶᠢᠭᠡᠮᠯᠢᠭ 6 ᠰᠠᠷ᠎ᠠ ᠶᠢᠨ 30 ᠤ ᠡᠳᠦᠷ ᠠᠴᠠ  ᠡᠮᠦᠨ᠎ᠡ᠂ 2027 ᠣᠨ ᠤ  ᠠᠽᠢᠶ᠎ᠠ‌ ᠬᠤᠨᠳᠠᠭᠠᠲᠤ ᠬᠥᠯ ᠪᠥᠮᠪᠦᠭᠡ ᠶᠢᠨ ᠤᠷᠤᠯᠳᠤᠭᠠᠨ ᠢ ᠡᠷᠭᠢᠯᠡᠬᠦ ᠪᠠᠷ ᠭᠤᠶᠤᠴᠢᠯᠠᠬᠤ ᠬᠦᠰᠡᠯ ᠢᠶᠠᠨ ᠢᠯᠡᠳᠬᠡᠪᠡ᠃

2027 ᠣᠨ ᠤ ᠠᠽᠢᠶ᠎ᠠ ᠬᠤᠨᠳᠠᠭᠠᠲᠤ ᠤᠷᠤᠯᠳᠤᠭᠠᠨ ᠢ ᠭᠤᠶᠤᠴᠢᠯᠠᠨ ᠡᠷᠭᠢᠯᠡᠬᠦ ᠰᠠᠨᠠᠭ᠎ᠠ ᠲᠠᠢ  ᠤᠯᠤᠰ ᠨᠢ ᠲᠣᠰ‌‍ ᠲ᠋ᠣᠰ ᠡᠨᠡᠳᠬᠡᠭ᠂ ᠢᠷᠡᠨ᠂ ᠺᠠᠲ᠋ᠠᠷ᠂ ᠰᠠᠦ᠋ᠳᠢ ᠠᠷᠠᠪ ᠪᠠ ᠦᠽᠪᠧᠺᠰᠲ᠋ᠠᠨ ᠪᠣᠯᠤᠨ᠎ᠠ᠃ ᠠᠽᠢᠶ᠎ᠠ ᠲᠢᠪ ᠤᠨ ᠬᠥᠯ  ᠪᠥᠮᠪᠦᠭᠡ ᠵᠢᠨ‌ᠬᠤᠯᠪᠣᠭ᠎ᠠ ᠳᠡᠭᠡᠷ᠎ᠡ ᠳᠤᠷᠠᠳᠤᠭᠰᠠᠨ 5 ᠤᠯᠤᠰ ᠤᠨ  ᠬᠥᠯ  ᠪᠥᠮᠪᠦᠭᠡ ᠶᠢᠨ  ᠨᠡᠶᠢᠭᠡᠮᠯᠢᠭ ᠲᠤ ᠬᠠᠪᠰᠤᠷᠴᠤ ᠴᠢᠬᠤᠯᠠ ᠪᠦᠬᠦᠢ‌ ᠭᠤᠶᠤᠴᠢᠯᠠᠨ ᠭᠦᠢᠴᠡᠳᠬᠡᠬᠦ ᠮᠠᠲ᠋ᠧᠷᠢᠶᠠᠯ ᠢ ᠲᠤᠰᠢᠶᠠᠨ ᠥᠭᠴᠦ᠂ ᠲᠡᠷᠡᠴᠢᠯᠡᠨ 2021 ᠣᠨ ᠳᠤ ᠳᠠᠭᠠᠭᠠᠨ ᠭᠦᠢᠴᠡᠳᠭᠡᠭᠴᠢ ᠵᠢ‌‍ ᠲ᠋ᠣᠭᠲᠠᠭᠠᠨ᠎ᠠ᠃ 

ᠠᠽᠢᠶ᠎ᠠ ᠲᠢᠪ ᠤᠨ ᠬᠥᠯ  ᠪᠥᠮᠪᠦᠭᠡ ᠶᠢᠨ  ᠬᠤᠯᠪᠣᠭ᠎ᠠ ᠶᠢᠨ  ᠲᠡᠷᠢᠭᠦᠯᠡᠭᠴᠢ  ᠰᠠᠷᠮᠠᠨ 2027 ᠣᠨ ᠤ  ᠠᠽᠢᠶ᠎ᠠ‌ᠬᠤᠨᠳᠠᠭᠠᠲᠤ ᠬᠥᠯ ᠪᠥᠮᠪᠦᠭᠡ ᠶᠢᠨ ᠤᠷᠤᠯᠳᠤᠭᠠᠨ ᠢ ᠡᠷᠬᠢᠯᠡᠬᠦ ᠪᠠᠷ  ᠭᠤᠶᠤᠴᠢᠯᠠᠭᠰᠠᠨ ᠨᠡᠶᠢᠭᠡᠮᠯᠢᠭ  ᠨᠦᠭᠦᠳ ᠲᠤ  ᠲᠠᠯᠠᠷᠬᠠᠪᠠ᠃ᠲᠡᠷᠡ᠂ ᠠᠽᠢᠶ᠎ᠠ ᠬᠤᠨᠳᠠᠭᠠᠲᠤ ᠤᠷᠤᠯᠳᠤᠭᠠᠨ ᠪᠣᠯ ᠠᠽᠢᠶ᠎ᠠ ᠲᠢᠪ ᠤᠨ ᠬᠥᠯ ᠪᠥᠮᠪᠦᠭᠡ ᠶᠢᠨ ᠬᠠᠮᠤᠭ ᠲᠡᠭᠡᠳᠣ ᠤᠷᠤᠯᠳᠤᠭᠠᠨ ‍ᠤ‌‍ ᠲ᠋ᠠᠪᠴᠠᠩ ᠪᠣᠯᠤᠨ᠎ᠠ᠃ ᠤᠷᠤᠯᠳᠤᠭᠠᠨ ᠳᠤ ᠣᠷᠣᠯᠴᠠᠬᠤ ᠬᠥᠯ ᠪᠥᠮᠪᠥᠭᠡᠨ ᠠᠩᠭᠢ ᠶᠢᠨ ᠲᠤᠭ᠎ᠠ  ᠬᠡᠮᠵᠢᠶ᠎ᠡ ᠶᠢ ᠥᠷᠭᠡᠳᠬᠡᠭᠰᠡᠨ 2019 ᠣᠨ ᠤ ᠠᠷᠠᠪ ᠤᠨ ᠬᠤᠯᠪᠣᠭᠠᠲᠤ ᠠᠬᠠᠮᠠᠳᠳᠦ ᠤᠯᠤᠰ ᠤᠨ ᠠᠽᠢᠶ᠎ᠠ ᠬᠤᠨᠳᠠᠭᠠᠲᠤ ᠬᠥᠯ ᠪᠥᠮᠪᠦᠭᠡ ᠶᠢᠨ ᠤᠷᠤᠯᠳᠤᠭᠠᠨ‌ᠤᠯᠠᠮ ᠨᠢᠭᠡ ᠠᠯᠬᠤᠮ ᠬᠥᠭᠵᠢᠬᠦ ᠳᠤ ᠰᠠᠭᠤᠷᠢ ᠲᠠᠯᠪᠢᠪᠠ᠂  ᠳᠤᠮᠳᠠᠳᠤ  ᠤᠯᠤᠰ ᠲᠤ  ᠡᠷᠬᠢᠯᠡᠬᠦ  2023  ᠣᠨ ᠤ  ᠠᠽᠢᠶ᠎ᠠ‌ ᠬᠤᠨᠳᠠᠭᠠᠲᠤ ᠤᠷᠤᠯᠳᠤᠭᠠᠨ ᠨᠢ ᠬᠥᠮᠦᠰ ᠤᠨ ᠵᠢᠱᠢᠭᠰᠡᠨ ᠠᠴᠠ ᠳᠠᠪᠠᠭ᠋ᠤ ᠨᠢ ᠳᠠᠮᠵᠢᠭ ᠥᠬᠡᠶ ᠶᠤᠮ ᠬᠡᠵᠠᠢ᠃

ᠢᠷᠡᠯᠳᠡ : 

ᠰᠢᠨᠬᠤᠸᠠ ᠬᠤᠷᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ