ᠳᠤᠰᠬᠠᠢ ᠮᠡᠷᠭᠡᠵᠢᠯᠳᠡᠨ ᠤ ᠬᠡᠯᠡᠭᠰᠡᠨ ᠢᠶᠠᠷ᠂ ᠤᠷᠤᠢ ᠶᠢᠨ ᠬᠤᠭᠤᠯᠠ ᠶᠢ ᠭᠡᠳᠤ ᠠᠷᠪᠢᠨ ᠢᠳᠡᠬᠦ ᠶᠢᠨ ᠬᠠᠮᠤᠬ ᠰᠢᠭᠤᠳ ᠨᠦᠯᠤᠭᠡ ᠨᠢ ᠮᠠᠷᠢᠶᠠᠯᠠᠭᠤᠯᠤᠨ᠎ᠠ᠃ ᠶᠡᠭᠡ ᠬᠡᠮᠵᠢᠶᠡᠨ ᠤᠢᠳᠡᠭᠡᠨ ᠤᠮᠳᠠᠭᠠᠨ ᠨᠢ ᠴᠢᠰᠤᠨ ᠳᠤᠳᠤᠷᠠᠬᠢ ᠰᠢᠬᠢᠷ᠂ ᠦᠭᠡᠬᠦ᠂ ᠰᠢᠪᠳᠤᠷᠳᠤ ᠬᠦᠴᠢᠯ ᠤᠨ ᠠᠭᠤᠯᠤᠬᠳᠠᠬᠴᠠ ᠶᠢ ᠦᠡᠳᠤᠷ ᠪᠤᠯᠭᠠᠵᠤ᠂ ᠬᠦᠮᠦᠰ ᠤᠨ ᠤᠷᠤᠢ ᠶᠢᠨ ᠬᠦᠳᠡᠯᠭᠡᠭᠡᠨ ᠤ ᠬᠡᠮᠵᠢᠶ᠎ᠠ ᠨᠢ ᠪᠠᠭ᠎ᠠ᠂ ᠡᠨᠧᠷᠬᠢ ᠶᠢᠨ ᠬᠤᠷᠤᠬᠳᠠᠯ ᠳᠤᠤᠷ᠎ᠠ ᠪᠤᠯᠬᠤᠷ᠂ ᠢᠯᠡᠭᠦᠴᠡ ᠢᠯᠴᠢ ᠨᠢ ᠦᠭᠡᠬᠦ ᠪᠤᠯᠤᠨ ᠬᠤᠪᠢᠷᠠᠵᠤ᠂ ᠬᠦᠮᠤᠨ ᠤ ᠪᠡᠶ᠎ᠠ ᠶᠢ ᠮᠠᠷᠢᠶᠠᠯᠠᠭᠤᠯᠳᠠᠬ ᠪᠠᠶᠢᠨ᠎ᠠ᠃ ᠮᠦᠡᠴᠤ ᠪᠡᠶ᠎ᠠ ᠶᠢᠨ ᠳᠤᠳᠤᠷᠠᠬᠢ ᠴᠢᠰᠤᠨ ᠰᠢᠬᠢᠷ᠂ ᠰᠢᠪᠳᠤᠷᠳᠤ ᠬᠦᠴᠢᠯ ᠵᠢᠴᠢ ᠦᠭᠡᠬᠦᠨ ᠬᠦᠴᠢᠯ ᠤᠨ ᠦᠳᠬᠡᠴᠡ ᠦᠡᠳᠤᠷᠵᠢᠨ᠂ ᠨᠦᠢᠷ ᠤᠨ ᠪᠤᠯᠴᠢᠷᠬᠠᠢ ᠳᠤ ᠰᠡᠳᠡᠯᠳᠡ ᠦᠭᠴᠤ᠂ ᠰᠢᠬᠢᠷ ᠰᠢᠵᠢᠩ ᠡᠪᠡᠳᠴᠢᠨ ᠤᠯᠬᠤ ᠨᠤᠷᠮ᠎ᠠ ᠶᠢ ᠳᠡᠭᠡᠭᠰᠢᠯᠡᠭᠦᠯᠤᠨ᠎ᠠ᠃ ᠳᠠᠬᠢᠪᠠᠯ᠂ ᠰᠦᠨᠢ ᠬᠦᠮᠤᠨ ᠤ ᠪᠡᠶ᠎ᠠ ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢᠨ ᠨᠤᠷᠮ᠎ᠠ ᠨᠡᠯᠢᠶᠡᠳ ᠳᠤᠤᠷ᠎ᠠ ᠪᠤᠯᠵᠤ᠂ ᠭᠡᠳᠤ ᠴᠠᠳᠳᠠᠯ᠎ᠠ ᠢᠳᠡᠬᠦ᠂ ᠭᠡᠳᠤ ᠤᠷᠤᠢᠢᠳᠡᠬᠦ ᠨᠢ ᠪᠦᠷ ᠰᠢᠩᠭᠡᠭᠡᠨ ᠰᠢᠮᠡᠳᠬᠡᠬᠦ ᠳᠤ ᠠᠰᠢᠬ ᠦᠭᠡᠢ ᠪᠠᠶᠢᠵᠤ᠂ ᠬᠤᠳᠤᠭᠤᠳᠤ ᠭᠡᠳᠡᠰᠤ ᠶᠢ ᠠᠯᠪᠠᠳᠠᠯᠭ᠎ᠠ ᠪᠠᠷ《ᠡᠭᠡᠯᠵᠢ ᠨᠡᠮᠡᠨ ᠠᠵᠢᠯᠯᠠᠭᠤᠯᠵᠤ》᠂ ᠮᠦᠡᠴᠤ ᠤᠡᠳᠡᠬᠤ ᠶᠠᠰᠤ ᠴᠢᠨᠠᠷ ᠢ ᠨᠦᠯᠤᠭᠡᠯᠡᠬᠦ ᠪᠤᠯᠤᠨ᠎ᠠ᠃ ᠬᠦᠮᠤᠨ ᠤᠡᠳᠡᠬᠰᠠᠨ ᠪᠠᠶᠢᠳᠠᠯ ᠳᠤᠤᠷ᠎ᠠ᠂ ᠶᠡᠭᠡ ᠳᠠᠷᠢᠬᠢᠨ ᠤ ᠢᠳᠡᠪᠬᠢᠵᠢᠬᠦ ᠨᠢ ᠨᠦᠢᠷ ᠠᠯᠳᠠᠬᠤ᠂ ᠵᠡᠭᠦᠳᠤ ᠶᠢ ᠠᠷᠪᠢᠳᠠᠭᠤᠯᠬᠤ᠂ ᠨᠦᠢᠷ ᠢ ᠳᠤᠳᠠᠬᠳᠠᠭᠤᠯᠬᠤ ᠵᠡᠷᠭᠡ ᠪᠤᠯᠭᠠᠵᠤ᠂ ᠡᠳᠤᠷ ᠤᠨ ᠤᠳᠠᠭᠠᠨ ᠳᠠᠭᠠᠨ ᠬᠦᠮᠤᠨ ᠢ ᠴᠤᠬ ᠰᠦᠯᠳᠡ ᠦᠭᠡᠢ ᠪᠤᠯᠭᠠᠨ᠂ ᠴᠢᠨᠠᠬᠰᠢᠯᠠᠪᠠᠯ ᠴᠡᠭᠡᠵᠢᠯᠡᠬᠦ ᠴᠢᠳᠠᠪᠤᠷᠢ ᠶᠢ ᠳᠤᠷᠦ᠋ᠢᠳᠠᠭᠤᠯᠵᠤ᠂ ᠮᠡᠳᠡᠷᠡᠯ ᠢ ᠮᠠᠭᠤᠳᠠᠭᠤᠯᠬᠤ ᠪᠤᠯᠤᠨ᠎ᠠ᠃ ᠪᠠᠰᠠ ᠭᠡᠳᠤ ᠠᠷᠪᠢᠨ ᠢᠳᠡᠭᠡᠨ ᠨᠢ ᠬᠤᠳᠤᠭᠤᠳᠤ ᠭᠡᠳᠡᠰᠤᠨ ᠤ ᠳᠠᠷᠤᠯᠳᠠ ᠶᠢ ᠨᠡᠮᠡᠭᠳᠡᠭᠦᠯᠤᠨ᠂ ᠬᠢᠯᠪᠠᠷᠬᠠᠨ ᠴᠢᠰᠤᠨ ᠳᠠᠷᠤᠯᠳᠠ ᠶᠢ ᠦᠡᠳᠤᠷᠵᠢᠭᠦᠯᠵᠤ᠂ ᠬᠦᠮᠤᠨ ᠤᠡᠳᠡᠵᠤ ᠪᠠᠶᠢᠬᠤ ᠦᠶᠡᠰ ᠴᠢᠰᠤᠨ ᠤ ᠡᠷᠬᠢᠯᠳᠡ ᠶᠢᠨ ᠬᠤᠷᠳᠤᠴᠡ ᠤᠳᠠᠭᠠᠰᠢᠷᠡᠨ᠂ ᠴᠢᠰᠤᠨ ᠤ ᠦᠭᠡᠬᠦ ᠬᠢᠯᠪᠠᠷᠬᠠᠨ ᠴᠢᠰᠤᠨ ᠰᠤᠳᠠᠯ ᠤᠨ ᠬᠠᠨ᠎ᠠ ᠳᠡᠭᠡᠷ᠎ᠠ ᠬᠤᠷᠠᠵᠤ᠂ ᠴᠢᠰᠤᠨ ᠳᠠᠷᠤᠯᠳᠠ ᠦᠡᠳᠤᠷ ᠪᠠ ᠵᠢᠷᠤᠬᠡᠨ ᠲᠢᠳᠢᠮ ᠤᠨ ᠡᠪᠡᠳᠴᠢᠨ ᠵᠡᠷᠭᠡ ᠶᠢ ᠡᠭᠦᠰᠭᠡᠬᠦᠪᠤᠯᠤᠨ᠎ᠠ᠃ ᠬᠡᠷᠪᠡ ᠨᠢᠭᠡ ᠬᠦᠮᠤᠨ ᠰᠦᠨᠢ ᠶᠢᠨ ᠬᠤᠭᠤᠯᠠ ᠢᠳᠡᠬᠦ ᠳᠠᠳᠬᠠᠯ ᠲᠠᠢ ᠪᠤᠯᠪᠠᠯ᠂ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ᠂ ᠬᠠᠷ᠎ᠠ ᠪᠦᠭᠡᠷ᠎ᠠ ᠶᠢᠨ ᠡᠪᠡᠳᠴᠢᠨ ᠵᠡᠷᠭᠡ ᠳᠠᠯᠳᠠ ᠠᠷᠬᠠᠬ ᠭᠡᠮᠤᠯᠬᠤ ᠪᠤᠯᠤᠨ᠎ᠠ᠃ ᠡᠶᠢᠮᠦ ᠠᠴᠠ ᠤᠷᠤᠢ ᠶᠢᠨ ᠬᠤᠭᠤᠯᠠ ᠪᠠᠨ ᠵᠦᠢ ᠵᠤᠬᠢᠰᠲᠠᠢ ᠲᠤᠬᠢᠷᠠᠭᠤᠯᠬᠤ ᠪᠤᠯᠪᠠᠤ᠃

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ