ᠥᠪᠡᠷᠲᠡᠭᠡᠨ ᠵᠠᠰᠠᠬᠤ ᠣᠷᠣᠨ ᠤ ᠨᠡᠶᠢᠭᠡᠮ ᠤᠨ ᠪᠡᠶ᠎ᠡ ᠶᠢᠨ ᠲᠠᠮᠢᠷ ᠤᠨ ᠦᠶ᠋ᠯᠡᠴᠢᠯᠡᠭᠡᠨ ᠤ ᠲᠥᠪ ᠭᠤᠤᠯᠯᠠᠨ ᠡᠷᠬᠢᠯᠡᠭᠰᠡᠨ 《10000 ᠠᠯᠬᠤᠮ ᠤᠨ ᠶᠠᠪᠠᠭᠠᠨ ᠠᠯᠬᠤᠬᠤ ᠥᠷᠢᠰᠥᠯᠳᠥᠭᠡᠨ》 ᠢᠶᠠᠷ ᠭᠤᠤᠯ ᠰᠡᠳᠤᠪ ᠪᠤᠯᠭᠠᠬᠰᠠᠨ ᠮᠠᠨ ᠤ ᠤᠷᠤᠨ ᠤ ᠪᠦᠬᠦ ᠠᠷᠠᠳ ᠢᠶᠠᠷ ᠢᠶᠠᠨ ᠪᠠᠶ᠎ᠠ ᠪᠠᠨ ᠴᠢᠬᠢᠷᠠᠬᠵᠢᠭᠤᠯᠬᠤ ᠶᠠᠪᠠᠭᠠᠨ ᠠᠯᠬᠤᠬᠤ ᠤᠷᠤᠯᠳᠤᠭᠠᠨ ᠥᠢᠷ᠎ᠠ ᠳᠤ ᠰᠥᠯᠵᠢᠶᠠᠨ ᠲᠡᠭᠡᠷ᠎ᠠ ᠡᠬᠢᠯᠡᠵᠡᠢ᠃

ᠲᠤᠰ ᠤᠳᠠᠭ᠎ᠠ ᠶᠢᠨ ᠤᠷᠤᠯᠳᠤᠭᠠᠨ ᠰᠥᠯᠵᠢᠶᠠᠨ ᠲᠡᠭᠡᠷ᠎ᠠ ᠶᠠᠪᠤᠬᠳᠠᠵᠥ᠂ ᠲᠤᠰᠬᠠᠢ ᠡᠬᠢᠯᠡᠯᠳᠠ ᠶᠢᠨ ᠶᠤᠰᠤᠯᠠᠯ ᠤᠨ ᠲᠠᠯᠠᠪᠠᠢ ᠲᠤᠬᠢᠷᠠᠭᠤᠯᠤᠬᠰᠠᠨ ᠥᠬᠡᠢ᠂ ᠮᠥᠨ ᠴᠤ ᠤᠷᠤᠯᠳᠤᠭᠠᠨ ᠤ ᠡᠬᠢᠯᠠᠯᠳᠠ ᠶᠢᠨ ᠲᠤᠬᠢᠶᠠᠨ ᠫᠤᠤ ᠲᠤᠤᠭᠠᠷᠤᠬᠰᠠᠨ ᠥᠬᠡᠢ᠂ ᠠᠬᠤᠢ ᠲᠠᠯᠠᠪᠠᠢ ᠳᠤ ᠬᠥᠷᠴᠤ ᠬᠥᠴᠥᠨ ᠨᠡᠮᠡᠷᠢᠯᠡᠭᠴᠢ ᠪᠠᠶᠢᠬᠤ ᠥᠭᠡᠢ᠂ ᠲᠤᠳᠤᠷᠬᠠᠢ ᠡᠬᠢᠯᠡᠯᠳᠠ ᠶᠢᠨ ᠴᠡᠭ ᠪᠠ ᠲᠡᠬᠦᠰᠭᠡᠯ ᠤᠨ ᠴᠡᠭ ᠴᠤ ᠪᠠᠶᠢᠬᠤ ᠥᠭᠡᠢ᠂ ᠤᠷᠤᠯᠳᠤᠭᠠᠨ ᠳᠤ ᠤᠷᠤᠯᠴᠠᠬᠰᠠᠳ ᠵᠥᠪᠭᠡᠨ 10000 ᠠᠯᠬᠤᠮ ᠤᠨ ᠶᠠᠪᠠᠭᠠᠨ ᠠᠯᠬᠤᠬᠤ ᠶᠢ ᠬᠥᠢᠴᠡᠳᠭᠡᠪᠡᠯ ᠪᠤᠯᠴᠢᠬᠠᠨ᠎ᠠ᠃ ᠤᠷᠤᠯᠳᠤᠭᠠᠨ ᠳᠤ ᠤᠷᠤᠯᠴᠠᠬᠰᠠᠳ ᠠᠪᠤ ᠡᠵᠢ᠂ ᠬᠠᠶᠢᠷᠠᠲᠤ ᠬᠥᠮᠦᠨ᠂ ᠠᠩᠭ᠎ᠠ ᠬᠡᠤᠬᠡᠳ ᠲᠠᠢ ᠪᠠᠨ ᠬᠠᠮᠲᠤ ᠶᠠᠪᠤᠵᠤ ᠬᠠᠪᠤᠷ ᠤᠨ ᠳᠤᠯᠠᠭᠠᠨ ᠨᠡᠷᠡᠨ ᠤ ᠳᠣᠤᠷ᠎ᠠ ᠵᠤᠭᠤᠬ ᠲᠡᠯᠭᠡᠨ ᠠᠯᠬᠤᠵᠥ ᠪᠤᠯᠤᠨ᠎ᠠ᠂ ᠭᠠᠭᠴᠠᠭᠠᠷ ᠢᠶᠠᠨ ᠠᠯᠬᠤᠬᠰᠠᠨ ᠴᠤ ᠪᠣᠯᠤᠨ᠎ᠠ᠃ ᠤᠷᠤᠯᠳᠤᠭᠠᠨ ᠳᠤ ᠤᠷᠤᠯᠴᠠᠬᠰᠠᠳ ᠰᠦᠯᠵᠢᠶᠡᠨ ᠳᠡᠭᠡᠷ᠎ᠡ ᠨᠡᠷ᠎ᠡ ᠮᠡᠳᠡᠭᠦᠯᠵᠥ᠂ 4 ᠰᠠᠷ᠎ᠠ ᠶᠢᠨ 4 — 12 ᠤᠨ ᠡᠳᠦᠷ ᠤᠨ ᠬᠤᠭᠤᠷᠣᠨᠳᠣ ᠲᠤᠩᠭᠠᠯᠠᠬ ᠰᠠᠶᠢᠬᠠᠨ ᠡᠳᠤᠷ ᠢ ᠰᠤᠩᠭᠤᠨ᠂ ᠴᠡᠴᠡᠷᠯᠢᠭ ᠪᠤᠶᠤ ᠭᠤᠤᠯ ᠵᠠᠮ ᠳᠠᠭᠠᠤ ᠪᠤᠶᠤ ᠠᠭᠤᠯᠠ ᠠᠪᠠᠷᠢᠵᠤ ᠠᠯᠤᠰ ᠢ ᠪᠠᠷᠠᠯᠠᠬᠤ᠂ ᠡᠰᠡᠬᠦᠯ᠎ᠡ ᠬᠤᠲᠠ ᠶᠢᠨ ᠵᠡᠭᠡᠯᠢ ᠳᠡᠭᠡᠷ᠎ᠡ ᠶᠠᠪᠤᠵᠤ ᠲᠡᠷᠭᠡ ᠤᠨᠤᠭ᠎ᠠ ᠴᠤᠪᠤᠷᠠᠬᠤ ᠶᠢ ᠦᠵᠡᠵᠥ᠂ 10000 ᠠᠯᠬᠤᠮ ᠤᠨ ᠥᠷᠢᠰᠥᠯᠳᠦᠭᠡᠨ ᠢ ᠪᠡᠶᠡᠯᠡᠭᠦᠯᠪᠡᠯ ᠪᠣᠯᠴᠢᠬᠠᠨ᠎ᠠ᠃ ( ᠪᠤᠤ ᠦᠷᠭᠡᠨ)

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ