ᠪᠡᠭᠡᠵᠢᠩ ᠤᠨ ᠴᠠᠭ ᠢᠶᠠᠷ 8 ᠤ ᠡᠳᠦᠷ᠂ ᠣᠯᠠᠨ  ᠤᠯᠤᠰ ᠤᠨ  ᠣᠯᠢᠮᠫᠢᠺ ᠤᠨ ᠪᠡᠶ᠎ᠡ ᠶᠢᠨ ᠲᠠᠮᠢᠷ ‍ᠤᠨ‌ ᠵᠥ᠋ᠪᠯᠡᠯ ᠠᠴᠠ ᠵᠠᠰᠠᠪᠤᠷᠢ ᠣᠷᠣᠭᠤᠯᠤᠭᠰᠠᠨ ᠤ ᠳᠠᠷᠠᠭᠠᠬᠢ 2020 ᠣᠨ ᠤ ᠲᠣᠣᠺᠢᠣ᠋ ᠶᠢᠨ ᠣᠯᠢᠮᠫᠢᠺ ᠤᠨ ᠪᠡᠶ᠎ᠡ ᠶᠢᠨ ᠲᠠᠮᠢᠷ ‍ᠤᠨ‌‍ ᠴᠤᠭᠯᠠᠭᠠᠨ ᠤ ᠲᠠᠰ ᠳᠡᠪᠰᠢᠬᠦ ᠬᠢᠷᠢ ᠬᠡᠮ ᠤᠨ ᠪᠠᠷᠢᠮᠵᠢᠶ᠎ᠠ ᠶᠢ ᠨᠡᠶᠢᠲᠡᠯᠡᠵᠦ᠂ ᠡᠯ᠎ᠡ ᠲᠦᠷᠦᠯ ᠤᠨ ᠤᠷᠤᠯᠳᠤᠭᠠᠨ ᠳᠤ ᠬᠢᠷᠢ ᠬᠡᠮ‌ ᠤᠯᠭᠤᠬᠤ ᠡᠳᠦᠷ ᠢ 2021 ᠣᠨ ᠤ 6 ᠰᠠᠷ᠎ᠠ ᠶᠢᠨ 29 ᠤ ᠡᠳᠦᠷ  ᠪᠣᠯᠲᠠᠯ᠎ᠠ  ᠤᠷᠲᠤᠳᠬᠠᠵᠤ᠂  2021  ᠣᠨ ᠤ  7ᠰᠠᠷ᠎ᠠ ᠶᠢᠨ  5 ᠤ ᠡᠳᠦᠷ ᠠᠴᠠ ᠡᠮᠦᠨ᠎ᠡ  ᠣᠯᠢᠮᠫᠢᠺ ᠤᠨ  ᠪᠡᠶ᠎ᠡ ᠶᠢᠨ ᠲᠠᠮᠢᠷ ᠤᠨ ᠴᠤᠭᠯᠠᠭᠠᠨ ᠤ ᠡᠯ᠎ᠡ ᠲᠦᠷᠦᠯ ‍ᠤᠨ‌ ᠤᠷᠤᠯᠳᠤᠭᠠᠨ ᠳᠤ ᠣᠷᠣᠯᠴᠠᠬᠤ ᠲᠠᠮᠢᠷᠴᠢᠳ ᠤᠨ ᠨᠡᠷᠡᠰ ᠢ ᠲᠣᠭᠲᠠᠭᠠᠨ᠎ᠠ ᠬᠡᠪᠡ᠃

ᠣᠯᠠᠨ ᠤᠯᠤᠰ ᠤᠨ ᠣᠯᠢᠮᠫᠢᠺ ᠤᠨ ᠪᠡᠶ᠎ᠡ ᠶᠢᠨ ᠲᠠᠮᠢᠷ ᠤ ᠵᠥᠪᠯᠡᠯ ᠠᠴᠠ  ᠲᠣᠣᠺᠢᠣ᠋ ᠶᠢᠨ  ᠣᠯᠢᠮᠫᠢᠺ ᠤᠨ  ᠪᠡᠶ᠎ᠡ ᠵᠢᠨ‌‍ᠲ᠋ᠠᠮᠢᠷ ᠤᠨ ᠴᠤᠭᠯᠠᠭᠠᠨ ᠤ 33 ᠲᠣᠮᠣ ᠲᠥᠷᠥᠯ ᠤᠨ ᠤᠷᠤᠯᠳᠤᠭᠠᠨ ᠤ ᠭᠠᠭᠴᠠ ᠲᠥᠷᠥᠯ ᠤᠨ ᠤᠷᠤᠯᠳᠤᠭᠠᠨ ᠢ ᠬᠠᠮᠢᠶᠠᠷᠬᠤ ᠡᠯ᠎ᠡ‌ ᠣᠯᠠᠨ ᠤᠯᠤᠰ ᠤᠨ ᠪᠡᠶ᠎ᠡ ᠶᠢᠨ ᠲᠠᠮᠢᠷ ᠤᠨ ᠵᠣᠬᠢᠶᠠᠨ ᠪᠠᠶᠢᠭᠤᠯᠤᠯᠲᠠ ᠨᠢ ᠲᠣᠰ ᠪᠠᠷᠢᠮᠵᠢᠶ᠎ᠠ ᠶᠢ ᠦᠨᠳᠦᠰᠦᠯᠡᠨ ᠲᠣᠰ ᠲᠣᠰ ‍ᠤᠨ‌‍ ᠬᠢᠷᠢ ᠬᠡᠮ ᠤᠨ ᠰᠢᠰᠲ᠋ᠧᠮ ᠢᠶᠠᠨ ᠠᠯᠢ ᠲᠦᠷᠭᠡᠨ ᠢᠶᠠᠷ ᠲᠣᠭᠲᠠᠭᠠᠬᠤ ᠶᠢᠨ ᠤᠯᠠᠮ ᠢᠶᠠᠷ ᠪᠣᠶ ᠪᠥᠬᠦᠶ ᠲᠠᠮᠢᠷᠴᠢᠳ᠂ ᠡᠯ᠎ᠡ  ᠤᠯᠤᠰ‌‍ ᠪᠠ ᠭᠠᠵᠠᠷ ᠣᠷᠣᠨ ᠤ ᠣᠯᠢᠮᠫᠢᠺ ᠤᠨ ᠪᠡᠶ᠎ᠡ ᠶᠢᠨ ᠲᠠᠮᠢᠷ ᠤᠨ ᠵᠥᠪᠯᠡᠯ ᠳᠤ ᠨᠠᠩ  ᠣᠯᠠᠨ  ᠲᠣᠭᠲᠠᠭᠠᠯᠲᠤ  ᠴᠢᠨᠠᠷ ᠢ  ᠬᠠᠩᠭᠠᠬᠤ‌‍ ᠬᠡᠷᠡᠭᠲᠡᠶ᠃ 2021 ᠣᠨ ᠤ 6 ᠰᠠᠷ᠎ᠠ ᠶᠢᠨ 29 ᠤ ᠡᠳᠦᠷ  ᠪᠤᠯᠳᠠᠯᠠᠬᠢ  ᠬᠤᠭᠤᠴᠠᠭᠠᠨ ᠳᠤ᠂ ᠥᠪᠡᠷ ᠤᠨ  ᠪᠠᠶᠢᠳᠠᠯ ᠵᠶ᠋ᠠᠨ‌ᠦᠨᠳᠦᠰᠦᠯᠡᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠡᠯ᠎ᠡ ᠲᠥᠷᠥᠯ ᠤᠨ ᠤᠷᠤᠯᠳᠤᠭᠠᠨ ᠳᠤ ᠤᠷᠤᠯᠴᠠᠬᠤ ᠬᠢᠷᠢ‌‍ ᠬᠡᠮ ᠢ ᠤᠯᠭᠤᠬᠤ ᠴᠠᠭ ᠢᠶᠠᠨ  ᠲᠤᠬᠳᠠᠭᠠᠬᠤ  ᠬᠡᠷᠡᠭᠳᠡᠢ  ᠭᠡᠵᠦ  ᠱᠠᠭᠠᠷᠳᠠᠵᠠᠢ᠃  ᠣᠳᠣᠬᠠᠨ  ᠪᠣᠯᠲᠠᠯ᠎ᠠ᠂  ᠲᠣᠣᠺᠢᠣ᠋ ᠵᠢᠨ‌ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠤ  ᠤᠷᠤᠯᠳᠤᠭᠠᠨ ᠳᠤ  ᠣᠷᠣᠯᠴᠠᠬᠤ  57% ᠶᠢᠨ  ᠤᠷᠤᠯᠴᠠᠬᠰᠠᠳ ‍ᠤᠨ‌‍ᠲ᠋ᠤᠭ᠎ᠠ ᠨᠢᠭᠡᠨᠲᠡ ᠭᠠᠷᠴᠤ ᠢᠷᠡᠵᠡᠢ᠂ ᠤᠷᠤᠯᠳᠤᠭᠠᠨ ᠳᠤ ᠣᠷᠣᠯᠴᠠᠬᠤ 5000 ᠣᠷᠴᠢᠮ ᠤᠨ ᠤᠷᠤᠯᠴᠠᠬᠰᠠᠳ ᠤᠨ ᠤᠷᠤᠨ‌‍ ᠪᠠᠢᠷᠢ ᠶᠢ ᠬᠠᠷᠠᠬᠠᠨ ᠬᠤᠪᠢᠶᠠᠷᠢᠯᠠᠭᠠᠳᠤᠶ ᠪᠠᠶᠢᠨ᠎ᠠ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ