ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠳᠡᠯᠭᠡᠷᠡᠵᠦ  ᠪᠠᠶᠢᠬᠤ  ᠬᠤᠭᠤᠴᠠᠭᠠᠨ ᠳᠠᠬᠢ  ᠮᠠᠰᠢ  ᠣᠯᠠᠨ‌‍ ᠬᠦ᠋ᠨᠳᠦ ᠡᠪᠡᠳᠴᠢᠲᠡᠨ ᠨᠢ ᠴᠥᠮ ᠢᠳᠡᠷ ᠨᠠᠰᠤ ᠪᠠ ᠥᠲᠡᠯᠦᠭᠡ ᠨᠠᠰᠤᠨ ᠤ ᠬᠥᠮᠦᠰ ᠪᠣᠯᠤᠨ᠎ᠠ᠃ ᠢᠳᠡᠷ ᠨᠠᠰᠤ ᠪᠠ  ᠥᠲᠡᠯᠦᠭᠡ‌ ᠨᠠᠰᠤᠨ ᠤ ᠬᠥᠮᠦᠰ ᠨᠢ ᠶᠡᠷᠦᠳᠡᠭᠡᠨ ᠣᠯᠠᠨ ᠵᠦᠢᠯ ᠤᠨ  ᠡᠪᠡᠳᠴᠢᠨ  ᠡᠮᠭᠡᠭ ᠲᠠᠢ᠂ ᠪᠥᠬᠦ ᠪᠡᠶ᠎ᠡ ᠶᠢᠨ ᠳᠣᠲᠣᠷ ᠡᠷᠬᠡᠲᠡᠨ ‍ᠤ‌ ᠠᠵᠢᠯᠯᠠᠭ᠎ᠠ ᠨᠢ ᠮᠠᠭᠤᠳᠠᠬᠰᠠᠨ ᠤ ᠳᠡᠭᠡᠷ᠎ᠡ ᠨᠢ ᠵᠠᠵᠢᠯᠬᠤ ᠪᠠ  ᠵᠠᠯᠭᠢᠬᠤ  ᠴᠢᠳᠠᠪᠤᠷᠢ ᠨᠢ  ᠪᠠᠭᠤᠷᠠᠭᠰᠠᠨ ᠠᠴᠠ  ᠪᠣᠯᠵᠣ ᠬᠤᠭᠤᠯᠠ‌ ᠤᠮᠳᠠ ᠬᠦᠷᠦᠯᠴᠡᠬᠡᠳᠡᠢ ᠢᠳᠡᠵᠦ ᠴᠢᠳᠠᠬᠤ ᠦᠭᠡᠢ ᠪᠠᠶᠢᠳᠠᠭ ᠠᠴᠠ ᠸᠢᠷᠦ᠋ᠰ ᠲᠤ  ᠬᠠᠯᠳᠠᠪᠤᠷᠢᠯᠠᠬᠳᠠᠬᠤ ᠠᠴᠠ  ᠡᠮᠦᠨ᠎ᠡ ᠡᠴᠡᠵᠦ‌‍ ᠲ᠋ᠤᠷᠠᠬᠤ ᠪᠤᠶᠤ ᠰᠢᠮ᠎ᠡ ᠲᠡᠵᠢᠭᠡᠯ ᠲᠤᠳᠠᠬᠳᠠᠬᠤ ᠪᠠᠶᠢᠳᠠᠯ ᠭᠠᠷᠳᠠᠭ᠃ ᠡᠴᠡᠵᠦ ᠲᠤᠷᠠᠬᠤ ᠪᠠ  ᠰᠢᠮ᠎ᠡ  ᠲᠡᠵᠢᠭᠡᠯ ᠳᠤᠲᠠᠭᠳᠠᠬᠤ‌‍ ᠶᠠᠪᠤᠳᠠᠯ ᠨᠢ ᠡᠭᠡᠯᠢᠯᠡᠭᠡ ᠶᠢᠨ ᠠᠵᠢᠯᠯᠠᠭ᠎ᠠ ᠶᠢ ᠮᠠᠭᠤᠳᠠᠭᠤᠯᠵᠤ᠂ ᠸᠢᠷᠦ᠋ᠰ ᠤᠨ  ᠬᠠᠯᠳᠠᠪᠤᠷᠢᠯᠠᠯ ᠢ ᠳᠠᠭᠠᠭᠠᠵᠤ  ᠳᠡᠶᠢᠯᠬᠦ ᠥᠬᠡᠶ‌‍ ᠪᠣᠯᠭᠠᠳᠠᠭ᠃ ᠡᠶᠢᠮᠦ ᠠᠴᠠ ᠨᠠᠰᠤᠲᠠᠶᠢᠴᠤᠳ ᠵᠠᠪᠠᠯ ᠰᠢᠮ᠎ᠡ ᠲᠡᠵᠢᠭᠡᠯ ᠢᠶᠠᠨ ᠵᠣᠬᠢᠰᠲᠠᠶ ᠨᠥᠬᠦᠪᠥᠷᠢᠯᠡᠬᠦ ᠪᠠᠷ ᠳᠠᠮᠵᠢᠭᠤᠯᠤᠨ᠂ ᠰᠢᠮ᠎ᠡ‌‍ ᠲ᠋ᠡᠵᠢᠭᠡᠯ ᠤᠨ ᠨᠥᠭᠡᠴᠡ ᠪᠠᠨ ᠳᠡᠭᠡᠭᠰᠢᠯᠡᠭᠦᠯᠵᠦ᠂ ᠢᠯᠠᠩᠭᠤᠶ᠎ᠠ ᠪᠤᠯᠴᠢᠩ ᠮᠢᠬ᠎ᠠ ᠪᠠᠨ ᠨᠡᠮᠡᠭᠳᠡᠭᠦᠯᠬᠦ ᠬᠡᠷᠡᠭᠳᠡᠢ᠂ ᠢᠡᠭᠭᠢᠪᠡᠯ  ᠰᠠᠶ᠋ᠢ‌ ᠡᠭᠡᠯᠢᠯᠡᠭᠡ ᠶᠢᠨ ᠴᠢᠳᠠᠪᠤᠷᠢ ᠪᠠᠨ ᠳᠡᠭᠡᠭᠰᠢᠯᠡᠭᠦᠯᠵᠦ ᠴᠢᠳᠠᠨ᠎ᠠ᠃ 

ᠨᠠᠰᠤᠲᠠᠶᠢᠴᠤᠳ ᠬᠥᠳᠡᠯᠵᠦ ᠪᠠᠷᠢᠬᠤ ᠳᠤ ᠳᠥᠭᠦᠮ ᠦᠭᠡᠢ ᠠᠴᠠ ᠪᠤᠯᠵᠤ ᠵᠠᠷᠢᠮ ᠳᠠᠭᠠᠨ ᠪᠦᠷᠢᠨ ᠰᠢᠮ᠎ᠡ ᠲᠡᠵᠢᠭᠡᠯ ᠲᠠᠢ‌ ᠢᠳᠡᠭᠡᠨ ᠬᠢᠵᠦ ᠴᠢᠳᠠᠬᠤ ᠦᠭᠡᠢ ᠪᠠᠶᠢᠬᠤ ᠶᠢᠨ ᠵᠡᠷᠭᠡᠪᠡᠷ ᠪᠠᠰᠠ ᠲᠡᠳᠡᠨ ᠤ ᠢᠳᠡᠭᠡᠨ ᠤ ᠳᠤᠷᠠᠰᠢᠯ ᠨᠢ  ᠮᠠᠭᠤᠳᠠᠬᠰᠠᠨ ᠪᠤᠯᠬᠤᠷ‌ ᠡᠳᠦᠷ ᠪᠦᠷᠢ ᠶᠢᠨ ᠢᠯᠴᠢ ᠶᠢᠨ ᠬᠡᠮᠵᠢᠶ᠎ᠡ ᠪᠠ ᠰᠢᠮ᠎ᠡ ᠲᠡᠵᠢᠭᠡᠯ ᠤᠨ ᠱᠠᠭᠠᠷᠳᠠᠯᠭ᠎ᠠ ᠳᠤ ᠬᠦᠷᠬᠦ ᠳᠤ  ᠮᠠᠰᠢ  ᠪᠡᠷᠭᠡᠳᠡᠢ ᠪᠠᠶᠢᠨ᠎ᠠ᠃ᠳᠣᠣᠷᠠᠬᠢ ᠰᠢᠮ᠎ᠡ ᠲᠡᠵᠢᠭᠡᠯ ᠨᠥᠬᠦᠪᠥᠷᠢᠯᠡᠬᠦ  ᠡᠮ ᠢ  ᠰᠣᠩᠭᠤᠵᠤ  ᠤᠤᠭᠤᠬᠤ ᠶᠢ  ᠰᠠᠨᠠᠭᠤᠯᠤᠶ᠎ᠠ᠄ ᠪᠦᠷᠢᠨ ᠰᠢᠮ᠎ᠡ ᠲᠡᠵᠢᠭᠡᠯ‌ ᠨᠥ᠋ᠬᠦᠪᠥᠷᠢᠯᠡᠬᠦ ᠡᠮ︔ ᠨᠡᠶᠢᠯᠡᠮᠡᠯ ᠸᠢᠲ᠋ᠠᠮᠢᠨ ᠡᠷᠦᠳᠡᠰᠦᠨ ᠪᠣᠳᠠᠰ ᠨᠥᠬᠦᠪᠥᠷᠢᠯᠡᠬᠦ ᠡᠮ︔ ᠴᠢᠨᠠᠷ ᠰᠠᠶᠢᠲᠠᠶ ᠤᠭᠤᠷᠠᠭ ᠨᠥᠬᠦᠪᠥᠷᠢᠯᠡᠬᠦ‍‌ ᠡᠮ ᠤᠤᠭᠤᠭᠠᠷᠠᠢ᠃ ᠡᠨᠡ ᠭᠤᠷᠪᠠᠨ ᠵᠦᠢᠯ ᠤᠨ ᠰᠢᠮ᠎ᠡ ᠲᠡᠵᠢᠭᠡᠯ ᠨᠥᠬᠦᠪᠥᠷᠢᠯᠡᠬᠦ ᠡᠮ ᠤᠨ ᠵᠦᠢᠯ ᠨᠢᠭᠡᠪᠦᠷᠢ ᠳᠤ ᠴᠥᠮ ᠮᠠᠰᠢ‌ ᠤᠯᠠᠨ ᠲᠦᠷᠦᠯ ᠲᠡᠮᠳᠡᠭ ᠪᠠ ᠬᠡᠪ ᠪᠠᠷᠢᠮᠵᠢᠶ᠎ᠠ ᠲᠠᠢ ᠪᠠᠶᠢᠳᠠᠭ᠂ ᠨᠢᠭᠡ ᠵᠦᠢᠯ ᠠᠴᠠ ᠨᠢ ᠰᠣᠩᠭᠤᠵᠤ ᠲᠣᠬᠢᠷᠠᠭᠤᠯᠤᠨ ᠬᠡᠷᠡᠭᠯᠡᠵᠦ‌ ᠪᠣᠯᠤᠨ᠎ᠠ᠃ ᠨᠠᠰᠤᠲᠠᠶᠢᠴᠤᠳ ᠤᠨ ᠪᠡᠶ᠎ᠡ ᠶᠢᠨ ᠬᠦᠨᠳᠦ  ᠠᠯᠭᠤᠷ  ᠠᠭᠠᠵᠢᠮ ᠢᠶᠠᠷ ᠳᠡᠭᠡᠭᠰᠢᠯᠡᠬᠦ ᠳᠤ  ᠬᠦᠷᠪᠡᠯ  ᠡᠭᠡᠯᠢᠯᠡᠭᠡ ᠵᠢᠨ‌‍ᠴᠢᠳᠠᠪᠤᠷᠢ ᠨᠢ ᠰᠠᠶᠢᠵᠢᠷᠠᠭᠰᠠᠨ ᠳᠤ ᠲᠤᠭᠠᠴᠠᠬᠳᠠᠨ᠎ᠠ᠃ ᠬᠡᠯᠡᠯᠭᠡᠨ ᠦᠭᠡᠢ᠂ ᠰᠢᠮ᠎ᠡ ᠲᠡᠵᠢᠭᠡᠯ ᠨᠥᠬᠦᠪᠥᠷᠢᠯᠡᠬᠦ ᠡᠮ ᠢ ᠡᠮᠴᠢᠯᠡᠭᠡᠨ ‍ᠤ‌‍ ᠪᠠᠶᠢᠭᠤᠯᠤᠮᠵᠢ ᠠᠴᠠ ᠬᠤᠳᠠᠯᠳᠤᠨ ᠠᠪᠬᠤ ᠶᠢᠨ ᠬᠠᠮᠲᠤ ᠡᠮᠴᠢ ᠶᠢᠨ ᠵᠢᠯᠤᠭᠤᠳᠤᠯᠭ᠎ᠠ ᠳᠣᠣᠷ᠎ᠠ ᠬᠡᠷᠡᠭᠯᠡᠪᠡᠯ ᠬᠠᠮᠤᠬ ᠰᠠᠶᠢᠨ ᠶᠤᠮ᠃

ᠲᠡᠭᠡᠪᠡᠯ᠂ ᠵᠣᠬᠢᠰᠲᠠᠶ ᠢᠳᠡᠵᠦ ᠤᠤᠭᠤᠬᠤ ᠳᠤ ᠶᠠᠭᠤ ᠶᠢ ᠠᠩᠬᠠᠷᠪᠠᠯ ᠵᠣᠬᠢᠬᠤ  ᠪᠣᠶ︖ 

ᠢᠳᠡᠭᠡᠨ ᠤᠮᠳᠠᠭᠠᠨ ᠵᠶ᠋ᠠᠨ‌‍ᠲ᠋ᠡᠩᠴᠡᠭᠦᠯᠵᠦ᠂ ᠢᠯᠠᠩᠭᠤᠶ᠎ᠠ ᠴᠢᠨᠠᠷ ᠰᠠᠶᠢᠲᠠᠶ ᠤᠭᠤᠷᠠᠭ(ᠦᠨᠢᠶᠡᠨ  ᠰᠦ᠂ ᠥᠨᠳᠡᠭᠡ᠂  ᠰᠢᠷ᠎ᠠ  ᠪᠤᠷᠴᠠᠭ ᠤᠨ  ᠢᠳᠡᠭᠡᠨ᠂ᠮᠢᠬᠠᠨ ᠤ ᠵᠦᠢᠯ)ᠪᠠ ᠰᠢᠨ᠎ᠡ ᠰᠣᠷᠭᠤᠭ  ᠨᠣᠭᠤᠭ᠎ᠠ  ᠵᠢᠮᠢᠰ  ᠢᠳᠡᠬᠦ︔  ᠵᠣᠬᠢᠬᠤ  ᠬᠡᠮᠵᠢᠶᠡᠨ ᠤ  ᠰᠢᠮ᠎ᠡ  ᠲᠡᠵᠢᠭᠡᠯᠲᠦ  ᠡᠳ᠋‌ ᠨᠥ᠋ᠬᠦᠪᠥᠷᠢᠯᠡᠬᠦ᠂ ᠵᠢᠱᠢᠶᠡᠯᠡᠪᠡᠯ ᠤᠭᠤᠷᠠᠭ ᠤᠨ ᠲᠦᠷᠦᠯ᠂ ᠬᠠᠨᠤᠮᠠᠯ ᠪᠤᠰᠤ ᠥᠭᠡᠬᠦᠨ ᠬᠦᠴᠢᠯ᠂ ᠵᠢᠱᠢᠶᠡᠯᠡᠪᠡᠯ ᠵᠢᠭᠠᠰᠤᠨ  ᠲᠤᠰᠤ‌‍ ᠪᠠ ᠮᠠᠭᠠᠯᠢᠩᠭᠤ ᠶᠢᠨ ᠦᠷ᠎ᠡ ᠶᠢᠨ ᠲᠣᠰᠣ᠂ ᠭᠡᠳᠡᠰᠦᠨ ᠤ ᠡᠭᠡᠯᠢᠯᠡᠭᠡ ᠶᠢᠨ ᠠᠵᠢᠯᠯᠠᠭ᠎ᠠ ᠶᠢ ᠵᠣᠬᠢᠴᠠᠭᠤᠯᠬᠤ ᠢᠳᠡᠭᠡᠨ ᠤ ᠰᠢᠷᠬᠡᠭᠯᠢᠭ‌ ᠡᠳ᠋ ᠵᠢᠴᠢ ᠨᠡᠶᠢᠯᠡᠮᠡᠯ ᠸᠢᠲ᠋ᠠᠮᠢᠨ ᠪᠠ ᠡᠷᠦᠳᠡᠰᠦᠨ ᠪᠣᠳᠠᠰ ᠨᠥᠬᠦᠪᠥᠷᠢᠯᠡᠬᠦ ᠡᠮ ᠵᠡᠷᠭᠡ  ᠶᠢ  ᠨᠦᠬᠦᠪᠦᠷᠢᠯᠡᠬᠦ ᠶᠢ  ᠴᠢᠬᠤᠯᠠᠴᠢᠯᠠᠬᠤ‌‍ ᠬᠡᠷᠡᠭᠳᠡᠢ᠃ ᠣᠬᠤᠷ ᠬᠤᠭᠤᠴᠠᠭᠠᠨ ᠤ ᠳᠣᠲᠣᠷ᠎ᠠ ᠬᠥᠳᠡᠯᠭᠡᠭᠡᠨ ᠪᠠᠭᠠᠰᠤᠭᠰᠠᠨ ᠠᠴᠠ ᠪᠤᠯᠵᠦ ᠮᠠᠷᠢᠶᠠᠯᠠᠬᠤ ᠪᠠ  ᠴᠢᠰᠤᠨ  ᠰᠢᠬᠢᠷ‌ ᠥᠨᠳᠥᠷᠵᠢᠬᠦ ᠠᠴᠠ ᠵᠠᠶᠢᠯᠠᠰᠬᠢᠬᠦ ᠬᠡᠷᠡᠭᠳᠡᠢ᠃ ᠪᠡᠶ᠎ᠡ ᠶᠢᠨ ᠬᠦᠨᠳᠦ  ᠪᠠ  ᠴᠢᠰᠤᠨ  ᠰᠢᠬᠢᠷ ᠢᠶᠠᠨ  ᠰᠠᠶᠢᠲᠤᠷ  ᠬᠢᠵᠠᠭᠠᠷᠯᠠᠬᠤ ᠨᠢ‌ ᠮᠠᠷᠢᠶᠠᠳᠠᠢ ᠪᠠ ᠰᠢᠬᠢᠷ ᠰᠢᠵᠢᠩ ᠡᠪᠡᠳᠴᠢᠨ ᠲᠠᠢ ᠬᠦᠮᠦᠨ ᠡᠭᠡᠯᠢᠯᠡᠭᠡ ᠶᠢᠨ ᠠᠵᠢᠯᠯᠠᠭ᠎ᠠ ᠪᠠᠨ ᠪᠠᠲᠤᠯᠠᠬᠤ ᠳᠤ ᠨᠡᠩ  ᠴᠢᠬᠤᠯᠠ‌‍ ᠪᠠᠶᠢᠳᠠᠭ᠃ ᠮᠠᠷᠢᠶᠠᠯᠢᠭ ᠪᠡᠶ᠎ᠡ ᠲᠠᠢ ᠡᠪᠡᠳᠴᠢᠲᠡᠨ ᠳᠤ ᠠᠪᠴᠤ ᠬᠡᠯᠡᠪᠡᠯ᠂ ᠬᠥᠳᠡᠯᠭᠡᠭᠡᠨ ᠨᠢ ᠬᠡᠲᠦᠷᠬᠡᠢ ᠪᠠᠭ᠎ᠠ ᠪᠤᠯᠪᠡᠯ ᠴᠢᠰᠤᠨ ‍ᠤ‌ ᠨᠢᠯᠴᠠᠭᠠᠢ ᠥᠳᠬᠡᠴᠡ ᠶᠢᠨ ᠬᠡᠮᠵᠢᠶ᠎ᠡ ᠨᠢ ᠨᠡᠮᠡᠭᠳᠡᠵᠦ᠂ ᠪᠥᠭᠯᠡᠷᠡᠬᠦ ᠴᠢᠨᠠᠷᠲᠠᠢ ᠡᠪᠡᠳᠴᠢᠨ ᠡᠭᠦᠰᠴᠤ  ᠮᠠᠳᠠᠨ᠎ᠡ᠂  ᠵᠢᠱᠢᠶᠡᠯᠡᠪᠡᠯ‌‍ ᠲ᠋ᠠᠷᠢᠬᠢᠨ ᠤ ᠰᠠ ᠡᠪᠡᠳᠴᠢᠨ᠂ ᠵᠢᠷᠦᠬᠡᠨ ᠤ ᠲᠦᠭᠵᠢᠷᠡᠯ ᠪᠠ ᠠᠭᠤᠰᠬᠢᠨ ᠤ ᠲᠦᠭᠵᠢᠷᠡᠯ ᠵᠡᠷᠭᠡ ᠡᠪᠡᠳᠴᠢᠨ ᠡᠭᠦᠰᠴᠦ ᠮᠡᠳᠡᠨ᠎ᠡ︔ ᠡᠴᠡᠵᠦ ᠲᠤᠷᠠᠬᠤ ᠪᠠ  ᠪᠡᠶ᠎ᠡ ᠶᠢᠨ  ᠬᠦᠨᠳᠦ  ᠳᠣᠷᠣᠭᠰᠢᠯᠠᠬᠤ ᠠᠴᠠ  ᠵᠠᠶᠢᠯᠠᠰᠬᠢᠬᠦ  ᠬᠡᠷᠡᠭᠳᠡᠢ᠂  ᠤᠴᠢᠷ ᠨᠢ  ᠰᠢᠮ᠎ᠡ  ᠲᠡᠵᠢᠭᠡᠯ‌‍ ᠲ᠋ᠤᠳᠠᠬᠳᠠᠬᠤ ᠨᠢ ᠰᠢᠭᠤᠳ ᠡᠭᠡᠯᠢᠯᠡᠭᠡ ᠶᠢ ᠠᠵᠢᠯᠯᠠᠭ᠎ᠠ ᠶᠢ ᠮᠠᠭᠤᠳᠠᠭᠤᠯᠬᠤ ᠳᠤ ᠬᠦᠷᠦᠭᠦᠯᠳᠡᠭ︔ ᠲᠠᠮᠠᠬᠢ ᠲᠠᠲᠠᠬᠤ ᠪᠠ ᠠᠷᠢᠬᠢ‌ ᠤᠤᠭᠤᠬᠤ ᠠᠴᠠ ᠵᠠᠶᠢᠯᠠᠰᠬᠢᠵᠦ᠂ ᠵᠤᠬᠢᠰᠳᠠᠢ ᠪᠠᠷ ᠬᠥᠳᠡᠯᠭᠡᠭᠡᠨ ᠬᠢᠬᠦ ᠬᠡᠷᠡᠭᠳᠡᠢ᠂ ᠬᠡᠬᠦ ᠳᠡᠭᠡᠨ ᠬᠥᠮᠦᠨ ᠤᠯᠠᠨ ᠭᠠᠵᠠᠷ ᠣᠴᠢᠬᠤ‌‍ ᠪᠠ ᠪᠠᠰᠠ ᠬᠠᠷᠢᠴᠠᠩᠭᠤᠢ ᠪᠢᠲᠡᠭᠦᠮᠵᠢᠯᠡᠭᠰᠡᠨ ᠪᠡᠶ᠎ᠡ ᠴᠢᠭᠢᠷᠠᠭᠵᠢᠭᠤᠯᠬᠤ ᠭᠠᠵᠠᠷ ᠲᠤ ᠣᠴᠢᠬᠤ ᠠᠴᠠ ᠵᠠᠶᠢᠯᠠᠰᠬᠢᠬᠦ ᠬᠡᠷᠡᠭᠲᠡᠢ᠃

(ᠵᠣᠬᠢᠶᠠᠭᠴᠢ  ᠪᠣᠯ  ᠪᠡᠭᠡᠵᠢᠩ  ᠶᠡᠭᠡ  ᠰᠤᠷᠭᠠᠭᠤᠯᠢ ᠶᠢᠨ  ᠠᠷᠠᠳ ᠤᠨ  ᠡᠮᠨᠡᠯᠭᠡ ᠶᠢᠨ  ᠬᠤᠷᠢᠶᠠᠨ ᠤ  ᠵᠢᠷᠦᠬᠡᠨ ‍ᠤ‌ᠡᠪᠡᠳᠴᠢᠨ ᠤ ᠲᠥᠪ ᠤᠨ ᠡᠷᠬᠢᠯᠡᠭᠴᠢ ᠡᠮᠴᠢ)


ᠢᠷᠡᠯᠳᠡ : 

 ᠠᠷᠠᠳ ᠤᠨ ᠰᠦᠯᠵᠢᠶ᠎ᠡ     

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ