ᠪᠡᠭᠡᠵᠢᠩ ᠤᠨ ᠴᠠᠭ ᠢᠶᠠᠷ 24 ᠤ ᠡᠳᠦᠷ ᠤᠨ  ᠣᠷᠣᠶ᠂  ᠣᠯᠠᠨ  ᠤᠯᠤᠰ ᠤᠨ  ᠣᠯᠢᠮᠫᠢᠺ ᠤᠨ  ᠵᠥᠪᠯᠡᠯ  ᠪᠣᠯᠤᠨ‌‍ᠲ᠋ᠣᠣᠺᠢᠣ᠋ ᠶᠢᠨ ᠣᠯᠢᠮᠫᠢᠺ ᠤᠨ  ᠪᠡᠶ᠎ᠠ ᠶᠢᠨ  ᠲᠠᠮᠢᠷ ᠤᠨ ᠴᠤᠭᠯᠠᠭᠠᠨ ᠤ ᠵᠣᠬᠢᠶᠠᠨ ᠪᠠᠶᠢᠭᠤᠯᠬᠤ ᠺᠤᠮᠢᠰ ᠠᠴᠠ  ᠬᠠᠮᠲᠤᠷᠠᠭᠰᠠᠨ‌ᠢᠯᠡᠷᠬᠡᠶᠢᠯᠡᠯᠲᠡ ᠨᠡᠶᠢᠲᠡᠯᠡᠵᠦ᠂ 2020 ᠣᠨ ᠤ  ᠲᠣᠣᠺᠢᠣ᠋ ᠶᠢᠨ  ᠣᠯᠢᠮᠫᠢᠺ ᠤᠨ ᠪᠡᠶ᠎ᠡ ᠶᠢᠨ  ᠲᠠᠮᠢᠷ ᠤᠨ  ᠴᠤᠭᠯᠠᠭᠠᠨ ᠢ‌ᠬᠤᠶᠢᠰᠢᠯᠠᠭᠤᠯᠤᠭᠠᠳ 2021 ᠣᠨ ᠳᠤ ᠶᠠᠪᠤᠬᠳᠠᠭᠤᠯᠤᠨ᠎ᠠ ᠭᠡᠵᠦ ᠨᠤᠲᠠᠯᠠᠪᠠ᠃

24 ᠤ ᠡᠳᠦᠷ᠂ ᠣᠯᠠᠨ ᠤᠯᠤᠰ ᠤᠨ ᠣᠯᠢᠮᠫᠢᠺ ᠤᠨ  ᠵᠥᠪᠯᠡᠯ ᠤᠨ  ᠲᠡᠷᠢᠭᠦᠯᠡᠭᠴᠢ ᠲᠤᠮᠠᠰ·ᠪᠠᠾᠧ  ᠶᠠᠫᠣᠨ ‍ᠤ‌‍ᠲ᠋ᠡᠷᠢᠭᠦᠨ ᠰᠠᠶᠢᠳ ᠠᠪᠸᠢ ᠰᠢᠨᠽᠤᠣ᠋ ᠲᠠᠢ ᠳ᠋ᠢᠶᠠᠩᠬᠤᠸᠠ ᠬᠤᠷᠠᠯ ᠬᠢᠵᠦ᠂ ᠬᠤᠶᠠᠷ ᠲᠠᠯ᠎ᠠ ᠪᠠᠷ ᠢᠶᠠᠨ  ᠬᠠᠮᠲᠤ ᠶᠢᠨ ᠲᠠᠨᠢᠯᠲᠠ ᠲᠠᠢ‌‍ᠪᠣᠯᠵᠣ᠂ ᠲᠠᠮᠢᠷᠴᠢᠨ᠂ ᠲᠣᠣᠺᠢᠣ᠋ ᠶᠢᠨ ᠣᠯᠢᠮᠫᠢᠺ ᠤᠨ ᠪᠡᠶ᠎ᠠ ᠶᠢᠨ ᠲᠠᠮᠢᠷ ᠤᠨ ᠴᠤᠭᠯᠠᠭᠠᠨ ᠤ ᠪᠤᠢ ᠪᠦᠭᠦᠢ  ᠣᠷᠣᠯᠴᠠᠭᠰᠠᠳ‌‍ᠴᠢᠨᠠᠭᠰᠢᠯᠠᠨ ᠳᠡᠯᠡᠬᠡᠶ ᠨᠡᠶᠢᠭᠡᠮ ᠤᠨ ᠬᠥᠮᠦᠨ ᠨᠢᠭᠡ ᠪᠦᠷᠢ ᠶᠢᠨ ᠪᠡᠶ᠎ᠡ ᠮᠠᠬᠠᠪᠣᠳ ᠤᠨ ᠡᠷᠡᠭᠦᠯ ᠮᠡᠡᠲᠦ ᠶᠢ ᠦᠨᠡᠨᠬᠦ ᠪᠠᠲᠤᠯᠠᠬᠤ ᠵᠢᠨ‌‍ᠲ᠋ᠥ᠋ᠯᠥᠭᠡ᠂ ᠲᠣᠣᠺᠢᠣ᠋ ᠶᠢᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠢ 2020 ᠣᠨ ᠠᠴᠠ ᠬᠤᠶᠢᠰᠢ  2021ᠤᠨ ᠤ ᠵᠤᠨ ᠠᠴᠠ ᠤᠷᠦ᠋ᠢᠳᠠᠭᠤᠯᠬᠤ ᠦᠭᠡᠢ ᠪᠤᠯᠭᠠᠨ ᠬᠤᠶᠢᠰᠢᠯᠠᠭᠤᠯᠪᠠᠯ ᠵᠣᠬᠢᠨ᠎ᠠ ᠬᠡᠪᠡ᠃

ᠬᠤᠶᠠᠷ ᠲᠠᠯ᠎ᠠ ᠪᠠᠷ ᠢᠶᠠᠨ᠂ ᠣᠳᠣᠬᠠᠨ ᠳᠤ ᠪᠥᠬᠦ ᠲᠡᠯᠡᠭᠡᠢ ᠪᠠᠷ ᠢᠶᠠᠨ  ᠬᠢᠵᠢᠭ ᠤᠨ  ᠨᠥᠯᠥᠭᠡ ᠶᠢ  ᠭᠦᠨ  ᠬᠦᠷᠲᠡᠵᠦ‌‍ ᠪᠠᠶᠢᠬᠤ ᠴᠠᠭ ᠮᠥᠴᠡ ᠳᠤ᠂ ᠲᠣᠣᠺᠢᠣ᠋ ᠶᠢᠨ ᠣᠯᠢᠮᠫᠢᠺ ᠤᠨ  ᠪᠡᠶ᠎ᠠ ᠶᠢᠨ  ᠲᠠᠮᠢᠷ ᠤᠨ  ᠴᠤᠭᠯᠠᠭᠠᠨ ᠢᠶᠠᠷ  ᠬᠦᠰᠡᠯ ᠤᠨ  ᠭᠡᠷᠡᠯᠲᠦ‌‍ ᠴᠠᠮᠬᠠᠭ ᠪᠣᠯᠭᠠᠵᠤ᠂ ᠬᠠᠷᠠᠩᠭᠤᠶ ᠳᠤ  ᠲᠡᠮᠳᠡᠷᠢᠬᠢᠯᠡᠵᠦ  ᠪᠠᠶᠢᠭ᠎ᠠ ᠪᠥᠬᠦ ᠳᠡᠯᠡᠬᠡᠶ  ᠶᠢᠨ  ᠬᠢᠨ ᠳᠤ  ᠥᠦᠷ ᠤᠨ  ᠲᠤᠶᠠᠭ᠎ᠠ ᠵᠢ‌ᠠᠪᠴᠢᠷᠠᠵᠤ ᠦᠭᠪᠡᠯ ᠵᠤᠬᠢᠨ᠎ᠠ᠃  ᠡᠶᠢᠮᠦ ᠠᠴᠠ  ᠣᠯᠢᠮᠫᠢᠺ ᠤᠨ  ᠪᠡᠶ᠎ᠠ ᠶᠢᠨ  ᠲᠠᠮᠢᠷ ᠤᠨ  ᠴᠤᠭᠯᠠᠭᠠᠨ ᠤ ᠠᠷᠢᠭᠤᠨ ᠭᠠᠯ ᠢ‌ᠦᠷᠭᠦᠯᠵᠢᠯᠡᠨ ᠶᠠᠫᠣᠨ ᠳᠤ  ᠦᠯᠡᠳᠡᠭᠡᠨ᠎ᠠ᠃  ᠡᠭᠦᠨ ᠠᠴᠠ  ᠭᠠᠳᠠᠨ᠎ᠠ᠂  ᠲᠣᠣᠺᠢᠣ᠋ ᠶᠢᠨ  2020  ᠣᠨ ᠤ  ᠣᠯᠢᠮᠫᠢᠺ ‍ᠤᠨ‌‍ᠪᠡᠶ᠎ᠡ ᠶᠢᠨ ᠲᠠᠮᠢᠷ ᠤᠨ ᠴᠤᠭᠯᠠᠭᠠᠨ ᠪᠠ ᠵᠡᠮᠳᠡᠭᠴᠦᠳ ᠤᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠨᠡᠷ᠎ᠡ ᠶᠢ ᠴᠦ‌ᠦᠷᠭᠦᠯᠵᠢᠯᠡᠨ ᠦᠯᠡᠳᠡᠭᠡᠨ᠎ᠠ ᠭᠡᠵᠦ ᠬᠠᠮᠳᠤ ᠪᠠᠷ ᠢᠯᠡᠷᠭᠡᠶᠢᠯᠡᠪᠡ᠃(ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ  ᠯᠢᠦ‌‍ᠱᠦ᠋ᠸᠧ ᠶᠠᠩ)


ᠢᠷᠡᠯᠳᠡ : 

 ᠠᠷᠠᠳ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ