6c0019c1-7e25-4a82-b4f1-fad8f7c91b6e.jpg

ᠬᠥᠢᠳᠠᠨ ᠤ ᠡᠷᠴᠢ ᠴᠢᠩᠭᠠᠷᠠᠬᠰᠠᠨ ᠰᠢᠯᠢ ᠶᠢᠨ ᠭᠤᠤᠯ ᠤᠨ ᠠᠭᠤᠯᠠ ᠲᠠᠯ᠎ᠠ ᠴᠠᠰᠤᠨ ᠴᠠᠭᠠᠨ ᠭᠤᠶᠤᠯᠠᠯ ᠢᠶᠠᠨ ᠬᠡᠳᠡᠷᠴᠤ ᠴᠠᠩ ᠬᠦᠤᠷᠭᠡ ᠲᠠᠳᠠᠭᠤᠯᠤᠨ᠎ᠠ᠃ ᠡᠨᠡ ᠬᠦ ᠴᠠᠰᠤ ᠲᠠᠢ ᠡᠳᠦᠷ ᠤᠳ ᠲᠤ ᠰᠢᠯᠢᠩᠬᠤᠳᠠ ᠳᠤ ᠪᠦᠬᠦ ᠤᠯᠤᠰ ᠤᠨ ᠦᠨᠴᠦᠭ ᠪᠤᠯᠤᠩ ᠪᠦᠷᠢ ᠠᠴᠠ ᠨᠢᠭᠡᠨ ᠵᠤᠷᠢᠯᠳᠠ ᠶᠢ ᠡᠪᠦᠷᠯᠡᠨ ᠢᠷᠡᠭᠰᠡᠨ ᠨᠢᠭᠡ ᠪᠦᠯᠦᠭ ᠵᠠᠯᠠᠭᠤ ᠲᠠᠮᠢᠷᠴᠢᠳ ᠰᠤᠷᠢᠭ᠎ᠠ ᠪᠤᠯᠪᠠᠰᠤᠷᠠᠯ ᠢᠶᠠᠨ ᠴᠢᠩᠭᠠᠳᠬᠠᠨ᠎ᠠ᠃ ᠲᠡᠳᠡ ᠪᠤᠯ ᠲᠠᠷᠤᠢ ᠤᠳᠠᠯ ᠦᠭᠡᠢ ᠠᠷᠠᠪ ᠤᠨ ᠬᠤᠯᠪᠤᠭᠠᠳᠤ ᠠᠬᠠᠮᠠᠳᠳᠤ ᠤᠯᠤᠰ ᠲᠤ ᠶᠠᠪᠤᠭᠳᠠᠬᠤ ᠵᠦᠵᠢᠼᠦ᠋ ᠪᠦᠬᠡ ᠶᠢᠨ ᠲᠡᠯᠡᠬᠡᠢ ᠶᠢᠨ ᠮᠠᠩᠯᠠᠢ ᠰᠢᠯᠭᠠᠷᠠᠭᠤᠯᠬᠤ ᠲᠡᠮᠡᠴᠡᠭᠡᠨ ᠳᠤ ᠤᠷᠤᠯᠴᠠᠬᠤ 22 ᠵᠠᠯᠠᠭᠤ ᠲᠠᠮᠢᠷᠴᠢᠨ ᠪᠤᠯᠤᠨ 4 ᠰᠤᠷᠭᠠᠭᠴᠢ ᠪᠠᠷ ᠪᠦᠷᠢᠯᠳᠦᠭᠰᠡᠨ ᠮᠠᠨ ᠤ ᠤᠯᠤᠰ ᠤᠨ ᠵᠦᠵᠢᠼᠦ᠋ ᠪᠦᠬᠡ ᠶᠢᠨ ᠤᠯᠤᠰ ᠤᠨ ᠠᠩᠭᠢ ᠶᠢᠨ ᠰᠢᠭ᠌ᠰᠢᠶ᠎ᠠ ᠪᠠᠭ ᠤᠨ ᠬᠠᠮᠳᠤ ᠨᠢᠭᠡᠴᠢ ᠪᠤᠯᠤᠨ᠎ᠠ᠃

ᠲᠤᠰ ᠤᠳᠠᠭ᠎ᠠ ᠶᠢᠨ ᠲᠦᠪᠯᠡᠷᠡᠭᠰᠡᠨ ᠪᠤᠯᠪᠠᠰᠤᠷᠠᠯ ᠪᠤᠯ ᠮᠠᠨ ᠤ ᠤᠯᠤᠰ ᠤᠨ ᠵᠦᠵᠢᠼᠦ᠋ ᠪᠦᠬᠡ ᠶᠢᠨ ᠲᠡᠤᠬᠡᠨ ᠲᠡᠭᠡᠷᠡᠬᠢ ᠠᠩᠬᠠᠳᠠᠭᠴᠢ ᠤᠯᠤᠰ ᠤᠨ ᠪᠡᠶ᠎ᠡ ᠶᠢᠨ ᠲᠠᠮᠢᠷ ᠤᠨ ᠶᠡᠷᠦᠩᠬᠡᠢ ᠲᠤᠪᠴᠢᠶ᠎ᠠ ᠠᠴᠠ ᠵᠤᠬᠢᠶᠠᠨ ᠪᠠᠶᠢᠭᠤᠯᠵᠤ ᠪᠤᠢ ᠲᠤᠰ ᠲᠦᠷᠦᠯ ᠤᠨ ᠲᠠᠮᠢᠷ ᠤᠨ ᠲᠦᠷᠦᠯ ᠤᠨ ᠲᠦᠪᠯᠡᠷᠡᠭᠰᠡᠨ ᠪᠤᠯᠪᠠᠰᠤᠷᠠᠯ ᠪᠤᠯᠤᠨ᠎ᠠ᠃ ᠲᠤᠰ ᠤᠳᠠᠭ᠎ᠠ ᠶᠢᠨ ᠪᠤᠯᠪᠠᠰᠤᠷᠠᠯ ᠢ ᠰᠢᠯᠢ ᠶᠢᠨ ᠭᠤᠤᠯ ᠠᠵᠢᠯ ᠮᠡᠷᠭᠡᠵᠢᠯ ᠤᠨ ᠲᠡᠭᠡᠳᠤ ᠰᠤᠷᠭᠠᠭᠤᠯᠢ ᠳᠤ ᠲᠤᠬᠢᠷᠠᠭᠤᠯᠪᠠ᠃ ᠲᠤᠰ ᠰᠤᠷᠭᠠᠭᠤᠯᠢ ᠨᠢ ᠪᠦᠬᠦ ᠤᠯᠤᠰ ᠲᠤ ᠬᠠᠮᠤᠭ ᠲᠦᠷᠦᠭᠦᠨ ᠳᠤ ᠵᠦᠵᠢᠼᠦ᠋ ᠶᠢᠨ ᠲᠦᠷᠦᠯ ᠤᠨ ᠲᠤᠰᠬᠠᠢ ᠮᠡᠷᠭᠡᠵᠢᠯ ᠤᠨ ᠬᠢᠴᠢᠶᠡᠯ ᠲᠤᠬᠢᠷᠠᠭᠤᠯᠤᠭᠰᠠᠨ ᠰᠤᠷᠭᠠᠭᠤᠯᠢ ᠶᠢᠨ ᠬᠤᠪᠢ ᠪᠠᠷ ᠡᠨᠡ ᠲᠦᠷᠤᠯ ᠤᠨ ᠪᠤᠯᠪᠠᠰᠤᠷᠠᠯ ᠢ ᠬᠠᠮᠵᠢᠯᠴᠠᠨ ᠡᠷᠭᠢᠯᠡᠵᠠᠢ᠃

ᠲᠦᠪᠯᠡᠷᠡᠭᠰᠡᠨ ᠪᠤᠯᠪᠠᠰᠤᠷᠠᠯ ᠡᠬᠢᠯᠡᠭᠰᠡᠨ ᠤ ᠲᠠᠷᠠᠭ᠎ᠠ ᠪᠢᠳᠡ ᠵᠦᠵᠢᠼᠦ᠋ ᠪᠦᠬᠡ ᠶᠢᠨ ᠨᠡᠷᠡᠲᠤ ᠰᠤᠷᠭᠠᠭᠴᠢ᠂ ᠲᠤᠰ ᠤᠳᠠᠭ᠎ᠠ ᠶᠢᠨ ᠵᠦᠵᠢᠼᠦ᠋ ᠪᠦᠬᠡ ᠶᠢᠨ ᠲᠡᠯᠡᠬᠡᠢ ᠶᠢᠨ ᠮᠠᠩᠯᠠᠢ ᠰᠢᠯᠭᠠᠷᠠᠭᠤᠯᠬᠤ ᠲᠡᠮᠡᠴᠡᠭᠡᠨ ᠳᠤ ᠤᠷᠤᠯᠴᠠᠬᠤ ᠤᠯᠤᠰ ᠤᠨ ᠠᠩᠭᠢ ᠶᠢᠨ ᠰᠤᠷᠭᠠᠭᠴᠢ ᠶᠢᠨ ᠲᠤᠭᠤᠢᠢᠯᠠᠩ ᠤᠨ ᠲᠠᠷᠤᠭ᠎ᠠ ᠪᠢ ᠰᠧ ᠠᠨ ᠢ ᠰᠤᠷᠪᠤᠯᠵᠢᠯᠠᠬᠤ ᠳᠤ ᠲᠡᠷᠡ᠄ 《ᠰᠢᠯᠢ ᠶᠢᠨ ᠭᠤᠤᠯ ᠠᠵᠢᠯ ᠮᠡᠷᠭᠡᠵᠢᠯ ᠤᠨ ᠲᠡᠭᠡᠳᠤ ᠰᠤᠷᠭᠠᠭᠤᠯᠢ ᠨᠢ ᠵᠦᠵᠢᠼᠦ᠋ ᠪᠦᠬᠡ ᠶᠢᠨ ᠲᠦᠷᠦᠯ ᠤᠨ ᠲᠤᠰᠬᠠᠢ ᠮᠡᠷᠭᠡᠵᠢᠯ ᠤᠨ ᠬᠢᠴᠢᠶᠡᠯᠯᠡᠭᠡ ᠲᠤᠬᠢᠷᠠᠭᠤᠯᠤᠭᠰᠠᠨ ᠪᠤᠯᠬᠤᠷ ᠡᠯ᠎ᠠ ᠲᠠᠯ᠎ᠠ ᠪᠠᠷ ᠴᠦᠮ ᠪᠤᠰᠤᠳ ᠠᠴᠠ ᠢᠯᠡᠷᠬᠡᠢ ᠰᠠᠶᠢᠨ ᠲᠠᠪᠠᠭᠤᠯᠢᠭ ᠲᠠᠢ᠂ ᠲᠡᠷᠡ ᠮᠦᠷᠳᠡᠭᠡᠨ ᠡᠨᠡ ᠨᠤᠲᠤᠭ ᠤᠨ ᠵᠠᠯᠠᠭᠤᠴᠤᠳ ᠪᠠᠭᠠᠴᠤᠳ ᠤᠨ ᠪᠦᠬᠡ ᠶᠢᠨ ᠰᠠᠭᠤᠷᠢ ᠮᠡᠳᠡᠷᠡᠮᠵᠢ ᠮᠠᠰᠢ ᠰᠠᠶᠢᠨ ᠪᠠᠶᠢᠵᠤ᠂ ᠵᠦᠵᠢᠼᠦ᠋ ᠪᠦᠬᠡ ᠳᠤ ᠲᠠᠳᠬᠠᠯᠰᠢᠬᠤ ᠳᠠᠭᠠᠨ ᠲᠤᠩ ᠰᠠᠶᠢᠨ᠃ ᠡᠨᠡ ᠤᠳᠠᠭ᠎ᠠ ᠦᠪᠦᠷ ᠮᠤᠩᠭᠤᠯ ᠠᠴᠠ 4 ᠲᠠᠮᠢᠷᠴᠢᠨ ᠤᠯᠤᠰ ᠤᠨ ᠰᠢᠭᠰᠢᠶ᠎ᠡ ᠪᠠᠭ ᠲᠤ ᠡᠯᠰᠡᠭᠳᠡᠭᠰᠡᠨ ᠤ ᠲᠤᠳᠤᠷ᠎ᠠ 3 ᠨᠢ ᠲᠠᠷᠤᠢ ᠲᠤᠰ ᠰᠤᠷᠭᠠᠭᠤᠯᠢ ᠶᠢᠨ ᠰᠤᠷᠤᠭᠴᠢᠳ ᠪᠤᠯᠤᠨ᠎ᠠ》 ᠭᠡᠵᠦ ᠲᠠᠨᠢᠯᠴᠠᠭᠤᠯᠵᠤ ᠪᠢᠯᠡ᠃

ᠲᠡᠤᠭᠡᠨ ᠮᠠᠲ᠋ᠧᠷᠢᠶᠠᠯ ᠢ ᠥᠨᠳᠤᠰᠤᠯᠠᠪᠠᠯ᠂ ᠵᠦᠵᠢᠼᠦ᠋ ᠪᠦᠬᠡ ᠶᠢᠨ ᠡᠬᠢ ᠡᠭᠦᠰᠤᠯ ᠤᠨ ᠤᠯᠪᠠᠭ᠎ᠠ ᠶᠢ ᠨᠡᠶᠢᠳᠡ ᠶᠢᠨ ᠤᠨ ᠲᠤᠭᠠᠯᠠᠯ ᠠᠴᠠ ᠡᠮᠦᠨᠡᠬᠢ 2000 ᠤᠨ ᠬᠦᠷᠳᠡᠯ᠎ᠠ ᠮᠦᠷᠳᠡᠵᠦ ᠪᠤᠯᠬᠤ ᠪᠦᠭᠡᠳ ᠡᠷᠳᠡᠨ ᠤ ᠶᠠᠫᠤᠨ᠂ ᠡᠨᠡᠳᠭᠡᠭ᠂ ᠭᠧᠷᠡᠭ᠂ ᠶᠧᠵᠢᠫᠢᠲ᠂ ᠮᠧᠰᠡᠫᠤᠲ᠋ᠠᠮᠢᠶ᠎ᠠ ᠵᠡᠷᠭᠡ ᠤᠯᠤᠰ ᠪᠠ ᠭᠠᠵᠠᠷ ᠤᠷᠤᠨ ᠤ ᠲᠤᠯᠤᠭᠠᠨ ᠤ ᠲᠠᠮᠢᠷ ᠤᠨ ᠲᠦᠷᠦᠯ ᠤᠳ ᠤᠨ ᠲᠤᠳᠤᠷ᠎ᠠ ᠴᠤ ᠵᠦᠵᠢᠼᠦ᠋ ᠪᠦᠬᠡ ᠶᠢᠨ ᠮᠡᠭᠡ ᠮᠡᠷᠭᠡᠵᠢᠯ ᠤᠨ ᠤᠷᠤ ᠰᠡᠭᠦᠳᠡᠷ ᠢᠯᠡᠳᠳᠡ ᠬᠠᠷᠠᠭᠳᠠᠵᠤ ᠪᠠᠶᠢᠳᠠᠭ᠃ ᠤᠷᠴᠢᠨ ᠦᠶ᠎ᠡ ᠳᠤ ᠬᠦᠷᠴᠤ ᠢᠷᠡᠭᠡᠳ ᠶᠠᠫᠤᠨ ᠤ ᠵᠦᠵᠢᠼᠥ᠋ ᠪᠦᠬᠡ᠂ ᠵᠢᠤᠳᠤᠤ ᠪᠦᠬᠡ᠂ ᠬᠤᠭᠤᠰᠤᠨ ᠨᠢᠳᠤᠷᠭ᠎ᠠ ᠵᠡᠷᠭᠡ ᠲᠤᠯᠤᠭᠠᠨ ᠤ ᠠᠷᠭ᠎ᠠ ᠪᠠᠷᠢᠯ ᠨᠢ ᠲᠡᠯᠡᠬᠡᠢ ᠶᠢᠨ ᠤᠯᠠᠨ ᠭᠠᠵᠠᠷ ᠲᠤ ᠤᠯᠠᠮᠵᠢᠯᠠᠬᠳᠠᠵᠤ᠂ ᠡᠭᠦᠨ ᠳᠤ ᠪᠷᠠᠽᠢᠯ ᠮᠠᠶ᠋ᠢᠬ ᠤᠨ ᠵᠦᠵᠢᠼᠦ᠋ ᠪᠦᠬᠡ ᠪᠤᠯ ᠲᠠᠷᠤᠢ ᠶᠠᠫᠤᠨ ᠠᠴᠠ ᠤᠴᠢᠭᠰᠠᠨ ᠵᠦᠵᠢᠼᠦ᠋ ᠪᠦᠬᠡ ᠶᠢᠨ ᠶᠡᠭᠡ ᠪᠠᠭᠰᠢᠳᠠᠨ ᠤ ᠨᠦᠯᠦᠭᠡ ᠶᠢ ᠶᠡᠬᠡᠳᠡ ᠬᠦᠷᠳᠡᠭᠰᠡᠨ ᠪᠠᠶᠢᠳᠠᠭ᠃ ᠬᠤᠵᠢᠮ ᠨᠢ ᠲᠡᠯᠡᠬᠡᠢ ᠶᠢᠨ ᠤᠯᠠᠨ ᠭᠠᠵᠠᠷ ᠲᠤ ᠬᠤᠯᠢᠮᠠᠬ ᠲᠤᠯᠤᠭᠠᠨ (MMA) ᠤ ᠲᠠᠮᠢᠷ ᠤᠨ ᠤᠷᠤᠯᠳᠤᠭᠠᠨ ᠦᠷᠨᠢᠨ ᠬᠦᠭᠵᠢᠭᠰᠡᠨ ᠬᠢᠭᠡᠳ 1993 ᠤᠨ ᠳᠤ ᠠᠮᠧᠷᠢᠺᠠ ᠤᠯᠤᠰ ᠲᠤ ᠪᠤᠯᠤᠭᠰᠠᠨ ᠬᠤᠯᠢᠮᠠᠭ ᠲᠤᠯᠤᠭᠠᠨ ᠤ ᠶᠡᠭᠡ ᠲᠡᠮᠡᠴᠡᠭᠡᠨ (UFC) ᠳᠤ ᠲᠡᠯᠡᠬᠡᠢ ᠶᠢᠨ ᠡᠯ᠎ᠠ ᠭᠠᠵᠠᠷ ᠤᠨ ᠠᠳᠠᠯᠢ ᠪᠤᠰᠤ ᠲᠦᠷᠦᠯ ᠤᠨ ᠲᠤᠯᠤᠭᠠᠨ ᠤ ᠲᠠᠮᠢᠷ ᠤᠨ ᠰᠢᠯᠭᠠᠷᠠᠭᠰᠠᠨ ᠠᠪᠤᠷᠭᠤ ᠨᠤᠭᠤᠳ ᠤᠷᠤᠯᠴᠠᠨ ᠦᠷᠢᠰᠦᠯᠳᠤᠬᠦ ᠳᠤ ᠪᠷᠠᠽᠢᠯ ᠤᠯᠤᠰ ᠤᠨ ᠵᠦᠵᠢᠼᠦ᠋ ᠪᠦᠬᠡ ᠶᠢᠨ ᠲᠠᠮᠢᠷᠴᠢᠨ ᠷᠤᠶ᠋ᠢᠰ · ᠭᠧᠷᠡᠶᠢᠰᠢ ᠮᠠᠩᠯᠠᠶᠢᠯᠠᠭᠰᠠᠨ ᠢᠶᠠᠷ ᠪᠷᠠᠽᠢᠯ ᠮᠠᠶ᠋ᠢᠭ ᠤᠨ ᠵᠦᠵᠢᠼᠦ᠋ ᠪᠦᠬᠡ ᠨᠢ ᠲᠡᠯᠡᠬᠡᠢ ᠨᠠᠶᠢᠳᠠ ᠶᠢᠨ ᠠᠩᠬᠠᠷᠤᠯ ᠳᠤ ᠬᠦᠷᠴᠠᠢ᠃

ᠥᠢᠯᠠᠭᠠᠬᠰᠠᠨ ᠢᠶᠠᠷ᠂ ᠤᠢᠢᠷ᠎ᠠ ᠶᠢᠨ ᠵᠢᠯ ᠳᠤ ᠮᠠᠨ ᠤ ᠤᠯᠤᠰ ᠤᠨ ᠵᠦᠵᠢᠼᠦ᠋ ᠪᠦᠬᠡ ᠶᠢᠨ ᠬᠦᠭᠵᠢᠯᠳᠡ ᠶᠢᠨ ᠦᠷᠨᠢᠭᠦᠨ ᠪᠠᠶᠢᠳᠠᠯ ᠨᠢ ᠮᠦᠨ ᠴᠤ ᠬᠤᠯᠢᠮᠠᠬ ᠲᠤᠯᠤᠭᠠᠨ (MMA) ᠬᠢᠭᠡᠳ ᠬᠤᠯᠢᠮᠠᠬ ᠲᠤᠯᠤᠭᠠᠨ ᠤ ᠶᠡᠭᠡ ᠲᠡᠮᠡᠴᠡᠭᠡᠨ (UFC) ᠤ ᠨᠦᠯᠦᠭᠡ ᠶᠢ ᠭᠦᠨ ᠬᠦᠷᠳᠡᠵᠤ᠂ ᠤᠳᠤᠬᠠᠨ ᠳᠤ ᠪᠡᠭᠡᠵᠢᠩ᠂ ᠱᠠᠩᠬᠠᠢ᠂ ᠲᠢᠶᠠᠨᠵᠢᠨ᠂ ᠨᠠᠨᠵᠢᠩ᠂ ᠰᠢ ᠠᠨ᠂ ᠴᠠᠩᠱᠠ᠂ ᠴᠦᠡᠭᠴᠢᠩ ᠵᠡᠷᠭᠡ ᠶᠡᠭᠡ ᠬᠤᠳᠠ ᠨᠤᠭᠤᠳ ᠢᠶᠠᠷ ᠨᠢᠭᠡ ᠪᠦᠯᠦᠭ ᠵᠦᠵᠢᠼᠦ᠋ ᠪᠦᠬᠡ ᠶᠢᠨ ᠪᠤᠯᠪᠠᠰᠤᠷᠠᠯ ᠤᠨ ᠤᠷᠳᠤᠨ ᠺᠯᠦ᠋ᠪ᠂ ᠲᠤᠰᠬᠠᠢ ᠰᠤᠷᠭᠠᠭᠤᠯᠢ ᠴᠤ ᠭᠠᠷᠤᠭᠰᠠᠨ ᠢᠶᠠᠷ ᠨᠡᠩ ᠤᠯᠠᠨ ᠵᠦᠵᠢᠼᠦ᠋ ᠪᠦᠬᠡ ᠶᠢᠨ ᠪᠠᠭ᠋ᠠᠳᠠᠳ᠂ ᠰᠤᠷᠤᠯᠴᠠᠭᠰᠠᠳ ᠲᠤ ᠲᠤᠬᠢᠳᠠᠢ ᠰᠠᠶᠢᠨ ᠨᠦᠬᠦᠴᠡᠯ ᠬᠠᠨᠭ᠍ᠭᠠᠵᠤ ᠦᠭᠴᠤ ᠪᠤᠢ᠃  (ᠪᠠᠶᠠᠰᠬᠤᠯᠠᠩ ᠪᠢᠯᠢᠭ᠍ᠪᠠᠭᠠᠲᠤᠷ)

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ