— ᠵᠠᠯᠠᠭᠤ ᠪᠥᠬᠡᠴᠢᠨ ᠮᠥᠡᠭᠭᠡᠳᠦ᠋ᠬᠦᠷᠡᠩ ᠢ ᠰᠣᠷᠪᠣᠯᠵᠢᠯᠠᠭᠰᠠᠨ ᠨᠢ
ᠰᠤᠷᠪᠤᠯᠵᠢᠯᠠᠬᠴᠢ ᠲᠥᠷᠥᠬᠦᠬᠡᠨ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤ ᠪᠠᠷ ᠰᠤᠷᠪᠤᠯᠵᠢᠯᠠᠨ ᠶᠠᠪᠤᠬᠤ ᠳᠠᠭᠠᠨ ᠤᠷᠤᠨ ᠨᠤᠳᠤᠬ ᠲᠠᠭᠠᠨ ᠠᠯᠳᠠᠷ ᠢᠶᠠᠨ ᠲᠠᠭᠤᠷᠢᠰᠤᠭᠤᠯᠵᠥ ᠶᠠᠪᠤᠭ᠎ᠠ ᠵᠠᠯᠠᠭᠤ ᠰᠤᠳᠤᠨ ᠪᠥᠬᠡᠴᠢᠨ ᠮᠥᠡᠭᠭᠡᠳᠦ᠋ᠬᠦᠷᠡᠩ ᠲᠠᠢ ᠲᠠᠭᠠᠷᠠᠯᠳᠤᠵᠥ ᠪᠥᠭᠡ ᠶᠢᠨ ᠲᠤᠬᠠᠢ ᠵᠤᠭᠤᠬ ᠠᠴᠠ ᠭᠠᠳᠠᠨ᠎ᠠ ᠪᠤᠰᠤᠳ ᠢ ᠬᠠᠪᠰᠤᠷᠤᠨ ᠲᠡᠮᠵᠢᠵᠥ ᠶᠠᠪᠤᠭ᠎ᠠ ᠪᠤᠶᠠᠨ ᠤ ᠥᠢᠯᠡᠰ ᠤᠨ ᠲᠡᠯ᠎ᠠ ᠪᠠᠷ ᠶᠠᠷᠢᠯᠴᠠᠭ᠎ᠠ ᠬᠢᠭᠰᠡᠨ ᠶᠤᠮ᠃
ᠰᠤᠷᠪᠤᠯᠵᠢᠯᠠᠬᠴᠢ᠄ ᠲᠠ ᠠᠯᠢ ᠤᠨ ᠠᠴᠠ ᠡᠬᠢᠯᠡᠨ ᠮᠤᠩᠭᠤᠯ ᠪᠥᠬᠡ ᠪᠠᠨ ᠪᠠᠷᠢᠯᠳᠤᠵᠥ ᠡᠬᠢᠯᠡᠭᠰᠡᠨ ᠪᠤᠢ︖
ᠮᠥᠡᠭᠭᠡᠳᠦ᠋ᠬᠦᠷᠡᠩ᠄ ᠶᠡᠷᠥ ᠨᠢ ᠪᠢ ᠪᠠᠭ᠎ᠠ ᠠᠴᠠ ᠪᠠᠨ ᠮᠤᠩᠭᠤᠯ ᠪᠥᠬᠡ ᠳᠤ ᠪᠠᠭ᠋ᠠᠳᠠᠢ᠂ 2010 ᠤᠨ ᠳᠤ᠂ ᠲᠠᠷᠤᠢ 18 ᠨᠠᠰᠤᠨ ᠠᠴᠠ ᠪᠠᠨ ᠡᠬᠢᠯᠡᠨ ᠮᠤᠩᠭᠤᠯ ᠪᠥᠬᠡ ᠪᠠᠨ ᠪᠠᠷᠢᠯᠳᠤᠵᠥ ᠢᠷᠡᠭᠰᠡᠨ ᠶᠤᠮ᠃ ᠤᠳᠤ 9 ᠵᠢᠯ ᠪᠤᠯᠴᠢᠬᠠᠯ᠎ᠠ᠃
ᠰᠤᠷᠪᠤᠯᠵᠢᠯᠠᠬᠴᠢ᠄ ᠲᠠᠨ ᠤ ᠠᠬᠠᠰ ᠶᠡᠭᠡᠰ ᠲᠤ ᠴᠢᠨᠢ ᠪᠥᠬᠡ ᠪᠠᠷᠢᠯᠳᠤᠳᠠᠬ ᠬᠥᠮᠥᠨ ᠪᠠᠶᠢᠬᠰᠠᠨ ᠤᠤ︖
ᠮᠥᠡᠭᠭᠡᠳᠦ᠋ᠬᠦᠷᠡᠩ᠄ ᠮᠠᠨ ᠤ ᠨᠠᠭᠠᠴᠤ ᠶᠢᠨ ᠤᠳᠤᠮ ᠳᠤ ᠨᠢᠬᠡ ᠬᠤᠶᠠᠷ ᠮᠤᠩᠭᠤᠯ ᠪᠥᠬᠡᠴᠢᠨ ᠪᠠᠶᠢᠬᠰᠠᠨ ᠶᠤᠮ᠃ ᠠᠪᠤ ᠶᠢᠨ ᠤᠳᠤᠮ ᠳᠤ ᠪᠠᠶᠢᠭ᠎ᠠ ᠥᠬᠡᠢ᠃
ᠰᠤᠷᠪᠤᠯᠵᠢᠯᠠᠬᠴᠢ᠄ ᠲᠠᠨ ᠤ ᠰᠤᠷᠭᠠᠬᠴᠢ ᠴᠢᠨᠢ ᠬᠡᠨ ᠪᠤᠢ︖
ᠮᠥᠡᠭᠭᠡᠳᠦ᠋ᠬᠦᠷᠡᠩ᠄ ᠮᠢᠨᠥ ᠪᠥᠬᠡ ᠶᠢᠨ ᠪᠠᠭᠰᠢ ᠪᠤᠯ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤ ᠨᠤᠳᠤᠬᠳᠠᠢ᠂ ᠲᠤᠮᠳᠠᠳᠤ ᠤᠯᠤᠰ ᠤᠨ ᠵᠢᠤᠳᠤᠤ ᠪᠥᠬᠡ ᠶᠢᠨ ᠲᠠᠮᠢᠷᠴᠢᠨ ᠵᠢᠭᠮᠢᠳᠰᠦ᠋ᠷᠥᠭ ᠪᠤᠯᠬᠤ ᠶᠤᠮ᠃ ᠪᠠᠭᠰᠢ ᠮᠢᠨᠢ ᠵᠠᠯᠠᠭᠤ ᠽᠠᠨᠳᠠᠨ ᠨᠠᠰᠤᠨ ᠳᠠᠭᠠᠨ ᠤᠯᠠᠨ ᠤᠳᠠᠭ᠎ᠠ ᠤᠷᠦ᠋ᠢᠯᠡᠵᠥ ᠶᠠᠪᠤᠬᠰᠠᠨ ᠲᠡᠤᠭᠡ ᠲᠠᠢ᠂ 2011 ᠤᠨ ᠠᠴᠠ ᠤᠳᠤ ᠪᠤᠯᠳᠠᠯ᠎ᠠ ᠲᠤᠰ ᠪᠠᠭᠰᠢ ᠶᠢᠨ ᠲᠤᠤᠷ᠎ᠠ ᠰᠤᠷᠢᠭ᠎ᠠ ᠪᠤᠯᠪᠠᠰᠤᠷᠠᠯ ᠢᠶᠠᠨ ᠬᠢᠵᠥ ᠯᠠ ᠪᠠᠶᠢᠭ᠎ᠠ ᠶᠤᠮ᠃
ᠰᠤᠷᠪᠤᠯᠵᠢᠯᠠᠬᠴᠢ᠄ ᠪᠥᠬᠡ ᠶᠢᠨ ᠪᠠᠷᠢᠯᠳᠤᠭᠠᠨ ᠳᠤ ᠲᠠᠨ ᠵᠠᠮᠠᠷ ᠠᠮᠵᠢᠯᠳᠠ ᠪᠥᠳᠥᠮᠵᠢ ᠲᠠᠢ ᠶᠠᠪᠤᠭ᠎ᠠ ᠪᠤᠢ︖
ᠮᠥᠡᠭᠭᠡᠳᠦ᠋ᠬᠦᠷᠡᠩ᠄ ᠵᠥᠪᠭᠡᠨ ᠮᠤᠩᠭᠤᠯ ᠪᠥᠬᠡ ᠪᠡᠷᠢᠯᠳᠤᠳᠠᠬ ᠪᠤᠯᠬᠤᠷ ᠤᠷᠤᠨ ᠤ ᠲᠡᠰ ᠤᠨ ᠤᠷᠤᠯᠳᠤᠭᠠᠨ ᠳᠤ ᠨᠢᠭᠡ ᠤᠳᠠᠭ᠎ᠠ ᠲᠡᠷᠢᠬᠦᠯᠡᠵᠥ ︽ᠭᠠᠷᠤᠳᠠᠢ︾ ᠴᠤᠯᠠ ᠬᠠᠮᠠᠭᠠᠯᠠᠵᠥ ᠥᠡᠭᠭᠡᠷᠡᠭᠰᠡᠨ ᠶᠤᠮ᠃
ᠰᠤᠷᠪᠤᠯᠵᠢᠯᠠᠬᠴᠢ᠄ ᠶᠡᠷᠤᠳᠡ ᠶᠢᠨ ᠪᠡᠯᠡᠳᠭᠡᠯ ᠰᠤᠷᠢᠭ᠎ᠠ ᠶᠠᠮᠠᠷ ᠰᠢᠤ ᠪᠠᠶᠢᠭ᠎ᠠ ᠪᠤᠢ︖
ᠮᠥᠡᠭᠭᠡᠳᠦ᠋ᠬᠦᠷᠡᠩ᠄ ᠡᠪᠤᠯ ᠤᠨ ᠪᠡᠯᠡᠳᠭᠡᠯ ᠪᠠ ᠬᠠᠪᠤᠷ ᠤᠨ ᠪᠡᠯᠡᠳᠭᠡᠯ ᠢᠶᠠᠷ ᠭᠤᠤᠯᠳᠠᠭᠤᠯᠵᠥ ᠪᠠᠶᠢᠨ᠎ᠠ᠃ ᠤᠷᠴᠢᠮ ᠤᠨ ᠵᠢᠯ ᠳᠤ ᠮᠠᠨ ᠤ ᠪᠤᠰᠤᠳ ᠪᠥᠬᠡᠴᠢᠳ ᠮᠤᠩᠭᠤᠯ ᠤᠯᠤᠰ ᠢᠶᠠᠷ ᠬᠥᠷᠴᠤ ᠰᠤᠯᠢᠯᠴᠠᠭ᠎ᠠ ᠬᠢᠵᠥ ᠮᠡᠷᠭᠡᠵᠢᠯ ᠪᠠ ᠬᠥᠴᠥᠨ ᠤ ᠲᠠᠯ᠎ᠠ ᠪᠠᠷ ᠲᠠᠪᠳᠠᠨ ᠪᠤᠯᠪᠠᠰᠤᠷᠠᠬᠤ ᠪᠤᠯᠤᠬᠰᠠᠨ ᠪᠠᠶᠢᠨ᠎ᠠ᠃ ᠬᠤᠶᠢᠰᠢᠳᠠ ᠡᠨᠡ ᠲᠠᠯ᠎ᠠ ᠪᠠᠷ ᠬᠢ ᠰᠤᠯᠢᠯᠴᠠᠭ᠎ᠠ ᠪᠠᠨ ᠥᠷᠭᠡᠳᠭᠡᠬᠦ ᠰᠠᠨᠠᠭ᠎ᠠ ᠲᠠᠢ᠃
ᠰᠤᠷᠪᠤᠯᠵᠢᠯᠠᠬᠴᠢ᠄ ᠮᠤᠩᠭᠤᠯ ᠪᠥᠬᠡ ᠶᠢᠨ ᠪᠠᠷᠢᠯᠳᠤᠭᠠᠨ ᠤ ᠲᠠᠷᠬᠠᠭᠠᠯᠳᠠ ᠶᠢᠨ ᠤᠨᠴᠠᠯᠢᠬ ᠶᠠᠮᠠᠷ ᠪᠠᠶᠢᠬᠤ ᠪᠤᠢ︖
ᠮᠥᠡᠭᠭᠡᠳᠦ᠋ᠬᠦᠷᠡᠩ᠄ ᠤᠳᠤᠬᠠᠨ ᠤ ᠪᠠᠶᠢᠳᠠᠯ ᠠᠴᠠ ᠥᠵᠡᠬᠦ ᠳᠤ᠂ ᠮᠠᠨ ᠤ ᠤᠷᠤᠨ ᠤ ᠤᠯᠠᠩᠭᠢ ᠭᠠᠵᠠᠷ ᠤᠷᠤᠨ ᠵᠠᠩᠬᠢᠶᠠᠳᠤ ᠪᠥᠭᠡ ᠪᠠᠷᠢᠯᠳᠤᠳᠠᠬ ᠪᠤᠯᠪᠠᠴᠤ ᠬᠥᠯᠤᠨ ᠪᠤᠶᠢᠷ ᠬᠤᠳᠠ ᠪᠠᠷ ᠲᠤᠯᠢᠶᠠᠳᠤ ᠪᠥᠭᠡ ᠪᠠᠷᠢᠯᠳᠤᠵᠥ ᠠᠯᠠᠱᠨ ᠠᠶᠢᠮᠠᠬ ᠪᠠᠶᠠᠨᠨᠠᠭᠤᠷ ᠬᠤᠳᠠ ᠪᠠ ᠤᠷᠳᠤᠰ ᠬᠤᠳᠠ ᠳᠤ ᠪᠠᠰᠠ ᠪᠥᠰᠡᠯᠡᠬᠦᠷ ᠪᠥᠬᠡ ᠱᠠᠯᠠᠪᠤᠷ ᠪᠥᠭᠡ ᠵᠡᠷᠭᠡ ᠭᠠᠵᠠᠷ ᠤᠷᠤᠨ ᠤ ᠤᠨᠴᠠᠯᠢᠬᠳᠤ ᠪᠥᠬᠡ ᠪᠠᠷᠢᠯᠳᠤᠵᠥ ᠪᠠᠶᠢᠳᠠᠬ᠃
ᠰᠤᠷᠪᠤᠯᠵᠢᠯᠠᠬᠴᠢ᠄ ᠮᠤᠩᠭᠤᠯ ᠪᠥᠬᠡ ᠪᠠᠨ ᠵᠠᠯᠠᠭᠤᠴᠤᠤᠨ ᠪᠠᠭᠠᠴᠤᠤᠨ ᠲᠠᠭᠠᠨ ᠶᠠᠭᠠᠬᠢᠵᠥ ᠤᠯᠠᠮᠵᠢᠯᠠᠨ ᠵᠤᠷᠢᠬᠵᠢᠭᠤᠯᠵᠥ ᠪᠠᠶᠢᠬᠤ ᠪᠢᠯᠠ︖
ᠮᠥᠡᠭᠭᠡᠳᠦ᠋ᠬᠦᠷᠡᠩ᠄ ᠤᠳᠤᠬᠠᠨ ᠳᠤ ᠬᠤᠰᠢᠭᠤᠨ ᠨᠠᠶᠢᠷ ᠲᠤ ᠲᠡᠷᠢᠬᠦᠯᠡᠪᠡᠯ ᠬᠤᠰᠢᠭᠤᠨ ᠤ ᠵᠠᠩᠭᠢᠶ᠎ᠠ ᠥᠭᠴᠤ᠂ ᠰᠤᠮᠤᠨ ᠨᠠᠶᠢᠷ ᠲᠤ ᠲᠡᠷᠢᠬᠦᠯᠡᠪᠡᠯ ᠰᠤᠮᠤᠨ ᠤ ᠵᠠᠩᠭᠢᠶ᠎ᠠ ᠥᠭᠴᠤ ᠪᠠᠶᠢᠳᠠᠬ᠂ ᠵᠠᠩᠭᠢᠶᠠᠳᠤ ᠪᠥᠬᠡᠴᠢᠳ ᠠᠴᠠ ᠵᠠᠯᠠᠭᠤ ᠨᠢᠬᠡ ᠥᠶ᠎ᠠ ᠶᠢᠨ ᠪᠥᠬᠡᠴᠢᠨ ᠢᠶᠠᠨ ᠵᠤᠷᠢᠬᠵᠢᠭᠤᠯᠬᠤ ᠶᠢᠨ ᠲᠥᠯᠥᠭᠡ ᠲᠠᠷᠬᠠᠨ ᠪᠥᠬᠡ ᠶᠢᠨ ᠴᠤᠯᠠ ᠬᠠᠮᠠᠭᠠᠯᠠᠬᠤ ᠥᠶᠡᠰ ᠲᠡᠭᠡᠨ ᠵᠠᠩᠭᠢᠶ᠎ᠠ ᠪᠠᠨ ᠥᠪᠡᠷ ᠤᠨ ᠲᠤᠭᠤᠳᠠᠬ ᠵᠠᠯᠠᠭᠤ ᠪᠥᠬᠡᠴᠢᠨ ᠳᠤ ᠤᠯᠠᠮᠵᠢᠯᠠᠵᠥ ᠥᠭᠴᠤ ᠪᠠᠶᠢᠳᠠᠬ᠃
ᠰᠤᠷᠪᠤᠯᠵᠢᠯᠠᠬᠴᠢ᠄ ᠲᠠᠨ ᠢ ᠪᠠᠰᠠ ᠶᠠᠳᠠᠭᠤ ᠬᠥᠴᠢᠷᠳᠠᠯᠳᠠᠢ ᠭᠡᠷ ᠪᠥᠯᠢ ᠶᠢᠨ ᠬᠡᠤᠬᠡᠳ ᠢ ᠲᠤᠰᠠᠯᠠᠳᠠᠬ ᠬᠡᠵᠥ ᠰᠤᠨᠤᠰᠤᠬᠰᠠᠨ᠂ ᠡᠨᠡ ᠲᠠᠯ᠎ᠠ ᠪᠠᠷ ᠲᠠᠨᠢᠯᠴᠠᠭᠤᠯᠤᠭᠠᠳ ᠥᠭᠭᠦ ᠤᠤ︖
ᠮᠥᠡᠭᠭᠡᠳᠦ᠋ᠬᠦᠷᠡᠩ᠄ ᠶᠡᠷᠥ ᠨᠢ ᠮᠤᠩᠭᠤᠯ ᠪᠥᠭᠡᠴᠢᠨ ᠪᠤᠯ ᠠᠷᠠᠳ ᠲᠥᠮᠡᠨ ᠤ ᠲᠤᠰᠠ ᠪᠠᠷ ᠤᠷᠤᠰᠢᠨ ᠲᠤᠬᠳᠠᠨᠢᠵᠥ ᠬᠥᠭᠵᠢᠨ ᠮᠠᠨᠳᠤᠵᠥ ᠪᠠᠶᠢᠳᠠᠬ ᠬᠡᠵᠥ ᠪᠢ ᠥᠵᠡᠳᠡᠭ᠃ ᠤᠴᠢᠷ ᠨᠢ᠂ ᠠᠷᠠᠳ ᠲᠥᠮᠡᠨ ᠪᠢᠳᠠᠨ ᠳᠤ ᠨᠠᠶᠢᠷ ᠬᠢᠵᠥ ᠥᠭᠬᠦ ᠥᠬᠡᠢ ᠪᠤᠯ ᠮᠠᠨ ᠤ ᠪᠥᠭᠡᠴᠢᠨ ᠤ ᠥᠢᠯᠡᠰ ᠤᠨ ᠰᠠᠭᠤᠷᠢ ᠪᠠᠳᠤᠯᠠᠭ᠎ᠠ ᠪᠠᠶᠢᠬᠤ ᠥᠭᠡᠢ᠃ ᠡᠶᠢᠮᠥ ᠠᠴᠠ ᠪᠢ 2016 ᠤᠨ ᠤ ᠬᠠᠪᠤᠷ ᠠᠴᠠ ᠡᠬᠢᠯᠡᠨ ᠬᠠᠶᠢᠷ᠎ᠠ ᠬᠠᠯᠠᠮᠵᠢ ᠪᠠᠨ ᠶᠠᠳᠠᠭᠤ ᠬᠥᠴᠢᠷᠳᠠᠯᠳᠠᠢ ᠬᠡᠤᠬᠡᠳ ᠲᠤ ᠥᠭᠬᠦ ᠪᠠᠷ 《ᠭᠤᠪᠢ ᠶᠢᠨ ᠨᠠᠷᠠᠨ ᠬᠠᠶᠢᠷ᠎ᠠ ᠬᠠᠯᠠᠮᠵᠢ ᠶᠢᠨ ᠥᠷᠥᠭᠡ》 ᠪᠠᠨ ᠪᠠᠶᠢᠭᠤᠯᠵᠥ᠂ ᠬᠤᠰᠢᠭᠤᠨ ᠳᠤ ᠰᠠᠭᠤᠭ᠎ᠠ ᠠᠪᠤ ᠡᠵᠢ ᠨᠢ ᠨᠠᠰᠤ ᠪᠠᠷᠠᠬᠰᠠᠨ ᠬᠡᠤᠬᠡᠳ ᠢ ᠴᠤᠬᠯᠠᠭᠤᠯᠤᠨ ᠲᠠᠰᠬᠠᠯ ᠲᠠᠭᠠᠭᠠᠯᠭᠠᠪᠤᠷᠢ ᠶᠢ ᠬᠠᠪᠰᠤᠷᠤᠨ ᠬᠢᠵᠥ ᠥᠭᠬᠦ ᠪᠠ ᠶᠠᠳᠠᠭᠤ ᠬᠥᠴᠢᠷᠳᠠᠯᠳᠠᠢ ᠠᠶᠢᠯ ᠡᠷᠥᠭᠡ ᠶᠢᠨ ᠬᠡᠤᠬᠡᠳ ᠢ ᠬᠠᠪᠰᠤᠷᠤᠨ ᠲᠡᠮᠵᠢᠭᠰᠡᠨ ᠶᠤᠮ᠃ ᠡᠮᠥᠨᠡᠬᠡᠨ ᠤᠯᠠᠭᠠᠨᠬᠠᠳᠠ ᠬᠤᠳᠠ ᠳᠤ ᠬᠥᠴᠤᠨ ᠤ ᠠᠵᠢᠯ ᠬᠢᠵᠥ ᠪᠠᠶᠢᠭ᠎ᠠ ᠨᠢᠬᠡᠨ ᠭᠡᠷ ᠪᠥᠯᠢ ᠶᠢᠨ 15 ᠨᠠᠰᠤᠳᠠᠢ ᠭᠡᠤᠭᠡᠨ ᠨᠢ ᠶᠠᠰᠤᠨ ᠤ ᠰᠥᠷᠢᠶᠠ ᠡᠪᠡᠳᠴᠢᠨ ᠳᠤ ᠨᠡᠷᠪᠡᠭᠳᠡᠭᠰᠡᠨ ᠢ ᠰᠤᠨᠤᠰᠤᠭᠠᠳ ᠪᠢᠳᠠ ᠪᠠᠷᠢᠨ ᠪᠡᠯᠡ ᠮᠥᠡᠭᠭᠦ ᠴᠤᠬᠯᠠᠭᠤᠯᠤᠨ ᠬᠠᠪᠰᠤᠷᠤᠬᠰᠠᠨ ᠶᠤᠮ᠃
ᠰᠤᠷᠪᠤᠯᠵᠢᠯᠠᠬᠴᠢ᠄ ᠬᠠᠶᠢᠷ᠎ᠠ ᠬᠠᠨᠳᠢᠪ ᠤᠨ ᠪᠡᠯᠡ ᠮᠥᠡᠭᠭᠦ ᠶᠢ ᠬᠡᠷᠬᠢᠨ ᠴᠤᠬᠯᠠᠭᠤᠯᠵᠥ ᠪᠠᠶᠢᠬᠤ ᠪᠤᠢ︖
ᠮᠥᠡᠭᠭᠡᠳᠦ᠋ᠬᠦᠷᠡᠩ᠄ ᠭᠠᠭᠴᠠ ᠬᠥᠮᠥᠨ ᠤ ᠴᠢᠳᠠᠯ ᠬᠡᠳᠤᠢ ᠶᠡᠭᠡ ᠪᠤᠯᠪᠠᠴᠤ ᠵᠤᠭᠤᠰ ᠮᠥᠡᠭᠭᠦ ᠶᠢ ᠴᠤᠬᠯᠠᠭᠤᠯᠬᠤ ᠲᠠᠯ᠎ᠠ ᠪᠠᠷ ᠬᠠᠮᠳᠤ ᠶᠢᠨ ᠬᠥᠴᠥᠨ ᠢ ᠬᠥᠷᠬᠦ ᠥᠬᠡᠢ ᠪᠠᠶᠢᠳᠠᠬ᠃ ᠴᠤᠬᠯᠠᠭᠤᠯᠬᠤ ᠲᠠᠯ᠎ᠠ ᠪᠠᠷ ᠤᠯᠠᠨ ᠬᠥᠮᠥᠨ ᠢ ᠲᠥᠰᠢᠭᠯᠡᠬᠦ ᠪᠠ ᠰᠥᠯᠵᠢᠶᠠᠨ ᠤ ᠰᠢᠭᠤᠳ ᠨᠡᠪᠳᠡᠷᠡᠭᠦᠯᠭᠡ ᠪᠠᠷ ᠲᠠᠮᠵᠢᠭᠤᠯᠤᠨ ᠮᠤᠩᠭᠤᠯᠴᠤᠳ ᠢᠶᠠᠨ ᠤᠷᠢᠶᠠᠯᠠᠨ ᠬᠠᠶᠢᠷ᠎ᠠ ᠬᠠᠨᠳᠢᠪ ᠤᠨ ᠰᠡᠳᠬᠢᠯᠬᠡ ᠪᠠᠨ ᠢᠯᠡᠳᠭᠡᠭᠦ ᠶᠢ ᠬᠥᠰᠡᠬᠦ ᠶᠢᠨ ᠬᠠᠮᠳᠤ ᠬᠠᠶᠢᠷ᠎ᠠ ᠬᠠᠨᠳᠢᠪ ᠤᠨ ᠵᠦᠢᠯᠡᠰ ᠢ ᠴᠤᠬᠯᠠᠭᠤᠯᠵᠥ ᠪᠠᠶᠢᠳᠠᠬ᠃
ᠰᠤᠷᠪᠤᠯᠵᠢᠯᠠᠬᠴᠢ᠄ ᠲᠠᠨ ᠤ ᠬᠠᠶᠢᠷ᠎ᠠ ᠬᠠᠨᠳᠢᠪ ᠤᠨ ᠬᠡᠰᠢᠬᠦᠳ ᠤᠯᠠᠨ ᠪᠤᠯᠤᠬᠰᠠᠨ ᠤᠤ︖
ᠮᠥᠡᠭᠭᠡᠳᠦ᠋ᠬᠦᠷᠡᠩ᠄ ᠤᠳᠤ ᠮᠠᠨ ᠬᠠᠶᠢᠷ᠎ᠠ ᠬᠠᠨᠳᠢᠪ ᠢᠶᠠᠨ ᠡᠷᠬᠦᠬᠦ ᠪᠥᠯᠬᠦᠮ ᠤᠨ ᠬᠥᠮᠥᠨ ᠤ ᠲᠤᠭ᠎ᠠ 2000 ᠭᠠᠷᠤᠢ ᠪᠤᠯᠵᠥ ᠪᠤᠢ᠃ ᠬᠡᠪᠡᠴᠤ ᠲᠠᠳᠠᠨᠠᠷ ᠪᠤᠯ ᠲᠡᠶᠢᠮᠥ ᠶᠡᠭᠡ ᠵᠤᠭᠤᠰ ᠮᠥᠡᠭᠭᠦ ᠲᠠᠢ ᠬᠥᠮᠥᠰ ᠪᠢᠰᠢ᠂ ᠵᠤᠭᠤᠰ ᠮᠥᠡᠭᠭᠦ ᠨᠢᠮᠬᠡᠨ ᠪᠤᠯᠪᠠᠴᠤ ᠬᠠᠶᠢᠷ᠎ᠠ ᠬᠠᠯᠠᠮᠵᠢ ᠶᠢᠨ ᠰᠡᠳᠬᠢᠯᠭᠡ ᠪᠠᠷ ᠵᠤᠵᠠᠭᠠᠨ ᠬᠥᠮᠥᠰ ᠪᠤᠯᠬᠤ ᠶᠤᠮ᠃
ᠰᠤᠷᠪᠤᠯᠵᠢᠯᠠᠬᠴᠢ᠄ ᠡᠨᠡ ᠵᠤᠨ ᠤᠯᠠᠨ ᠨᠠᠶᠢᠷ ᠨᠠᠭᠠᠳᠤᠮ ᠳᠤ ᠤᠷᠤᠯᠴᠠᠬᠰᠠᠨ ᠤᠤ︖
ᠮᠥᠡᠭᠭᠡᠳᠦ᠋ᠬᠦᠷᠡᠩ᠄ ᠡᠨᠡ ᠵᠤᠨ ᠮᠠᠨ ᠤ ᠥᠢᠷ᠎ᠠ ᠬᠠᠪᠢ ᠶᠢᠨ ᠭᠠᠵᠠᠷ ᠤᠷᠤᠨ ᠨᠤᠳᠤᠬ ᠤᠰᠤ ᠪᠠᠨ ᠪᠠᠶᠠᠷᠯᠠᠭᠤᠯᠬᠤ ᠡᠬᠦᠳᠡᠨ ᠠᠴᠠ ᠬᠤᠪᠢ ᠬᠥᠮᠥᠨ ᠤ ᠲᠠᠯ᠎ᠠ ᠠᠴᠠ ᠠᠭᠤᠯᠭ᠎ᠠ ᠪᠠᠷ ᠪᠠᠶᠠᠯᠢᠬ ᠨᠠᠶᠢᠷ ᠨᠠᠭᠠᠳᠤᠮ ᠢ ᠤᠯᠠᠨ ᠶᠠᠪᠤᠬᠳᠠᠭᠤᠯᠤᠬᠰᠠᠨ ᠶᠤᠮ᠃ ᠵᠤᠨ ᠤ ᠭᠤᠷᠪᠠᠨ ᠰᠠᠷ᠎ᠠ ᠳᠤ ᠪᠠᠷᠤᠬ ᠡᠳᠤᠷ ᠪᠤᠯᠭᠠᠨ ᠪᠥᠬᠡ ᠪᠡᠷᠢᠯᠳᠤᠬᠰᠠᠨ ᠪᠠᠶᠢᠨ᠎ᠠ᠃
ᠰᠤᠷᠪᠤᠯᠵᠢᠯᠠᠬᠴᠢ᠄ ᠡᠪᠤᠯ ᠤᠨ ᠪᠡᠯᠡᠳᠭᠡᠯ ᠢᠶᠠᠨ ᠬᠡᠵᠢᠶ᠎ᠠ ᠡᠬᠢᠯᠡᠳᠡᠭ ᠪᠤᠢ︖
ᠮᠥᠡᠭᠭᠡᠳᠦ᠋ᠬᠦᠷᠡᠩ᠄ 11 ᠰᠠᠷ᠎ᠠ ᠠᠴᠠ ᠡᠬᠢᠯᠡᠨ ᠡᠪᠤᠯ ᠤᠨ ᠪᠡᠯᠡᠳᠭᠡᠯ ᠢᠶᠠᠨ ᠰᠢ ᠠᠨ ᠳᠤ ᠤᠴᠢᠵᠥ ᠪᠤᠯᠪᠠᠰᠤᠷᠠᠯ ᠢᠶᠠᠨ ᠬᠢᠬᠦ ᠪᠤᠯᠬᠤᠷ ᠪᠠᠭᠰᠢ ᠶᠢᠨ ᠵᠠᠬᠢᠶ᠎ᠠ ᠰᠤᠷᠭᠠᠯ ᠢ ᠰᠤᠨᠤᠰᠤᠨ᠎ᠠ᠃
ᠰᠤᠷᠪᠤᠯᠵᠢᠯᠠᠬᠴᠢ᠄ ᠲᠠ ᠮᠤᠩᠭᠤᠯ ᠪᠥᠬᠡ ᠪᠠᠨ ᠬᠠᠶᠢᠷᠠᠯᠠᠨ ᠪᠠᠷᠢᠯᠳᠤᠳᠠᠬ ᠤᠨ ᠤᠴᠢᠷ︖
ᠮᠥᠡᠭᠭᠡᠳᠦ᠋ᠬᠦᠷᠡᠩ᠄ ᠮᠤᠩᠭᠤᠯ ᠪᠥᠬᠡ ᠪᠠᠨ ᠰᠠᠶᠢᠳᠤᠷ ᠪᠠᠷᠢᠯᠳᠤᠨ ᠮᠤᠩᠭᠤᠯ ᠰᠤᠶᠤᠯ ᠢᠶᠠᠨ ᠨᠠᠩ ᠤᠯᠠᠨ ᠬᠥᠮᠥᠨ ᠳᠤ ᠲᠠᠨᠢᠭᠤᠯᠤᠨ ᠮᠤᠩᠭᠤᠯ ᠪᠥᠬᠡ ᠪᠠᠷ ᠢᠶᠠᠨ ᠨᠠᠩ ᠤᠯᠠᠨ ᠲᠠᠢ ᠲᠠᠨᠢᠯᠴᠠᠨ ᠨᠠᠩ ᠤᠯᠠᠨ ᠬᠥᠮᠥᠰ ᠲᠠᠢ ᠨᠠᠶᠢᠵᠠᠯᠠᠨ ᠨᠥᠬᠦᠷᠯᠡᠵᠥ ᠶᠠᠪᠤᠬᠤ ᠶᠢ ᠪᠤᠳᠤᠵᠥ ᠪᠠᠶᠢᠨ᠎ᠠ᠃
ᠰᠤᠷᠪᠤᠯᠵᠢᠯᠠᠬᠴᠢ᠄ ᠵᠠᠯᠠᠭᠤ ᠪᠥᠬᠡᠴᠢᠨ ᠤ ᠲᠤᠬᠠᠢ ᠶᠠᠷᠢᠮᠠᠷ ᠵᠦᠢᠯ ᠶᠠᠭᠤ ᠪᠠᠶᠢᠨ᠎ᠠ︖
ᠮᠥᠡᠭᠭᠡᠳᠦ᠋ᠬᠦᠷᠡᠩ᠄ ᠮᠤᠩᠭᠤᠯ ᠪᠥᠬᠡᠴᠢᠨ ᠤᠯᠠᠨ᠂ ᠬᠡᠪᠡᠴᠤ ᠵᠠᠯᠠᠭᠤ ᠪᠥᠬᠡᠴᠢᠳ ᠨᠢᠬᠡᠳᠤᠯᠳᠠᠢ ᠪᠤᠯᠪᠠᠰᠤᠷᠠᠯ ᠬᠢᠵᠥ ᠪᠠᠶᠢᠭ᠎ᠠ ᠥᠬᠡᠢ᠃ ᠠᠷᠤ ᠭᠡᠷ ᠤᠨ ᠠᠮᠢᠳᠤᠷᠠᠯ ᠢᠶᠠᠨ ᠲᠦᠪᠬᠢᠨᠠᠬᠦᠯᠬᠦ ᠶᠢᠨ ᠲᠠᠭᠠᠤ ᠤᠷᠤᠯᠳᠤᠭᠠᠨ ᠳᠤ ᠤᠷᠤᠯᠴᠠᠵᠥ ᠪᠠᠶᠢᠨ᠎ᠠ᠃ ᠠᠷᠤ ᠬᠤᠷᠴᠢᠨ ᠬᠤᠰᠢᠭᠤ ᠪᠠᠷ ᠠᠪᠴᠤ ᠬᠡᠯᠡᠬᠦ ᠳᠤ ᠪᠠᠯᠴᠢᠷᠤᠳ ᠨᠤᠳᠤᠬ ᠲᠠᠢ ᠪᠠᠶᠠᠰᠬᠤᠯᠠᠩ᠂ ᠵᠢᠭᠠᠰᠤᠳᠠᠢ ᠨᠤᠳᠤᠬ ᠲᠠᠢ ᠠᠮᠢᠨᠪᠦ᠋ᠭᠡ ᠵᠡᠷᠭᠡ ᠪᠡᠶ᠎ᠠ ᠪᠢᠯᠳᠠᠷ ᠰᠠᠶᠢᠳᠠᠢ ᠪᠥᠬᠡ ᠳᠤ ᠪᠠᠭ᠋ᠠᠳᠠᠢ ᠵᠠᠯᠠᠭᠤᠴᠤᠳ ᠢᠯᠡᠷᠡᠵᠥ ᠪᠠᠶᠢᠨ᠎ᠠ᠃ ᠲᠡᠳᠠᠨᠠᠷ ᠰᠠᠶᠢᠨ ᠴᠢᠷᠮᠠᠶᠢᠪᠠᠯ ᠪᠥᠷ ᠴᠤᠯᠭᠤᠷᠠᠨ ᠭᠠᠷᠬᠤ ᠪᠤᠯᠤᠯᠴᠠᠭ᠎ᠠ ᠲᠠᠢ᠃ ᠮᠤᠩᠭᠤᠯ ᠪᠥᠬᠡ ᠶᠢ ᠠᠩᠬᠠᠷᠬᠤ ᠬᠥᠮᠥᠰ ᠨᠠᠩ ᠤᠯᠠᠨ ᠪᠤᠯᠤᠬᠰᠠᠨ ᠤ ᠬᠤᠶᠢᠨ᠎ᠠ ᠵᠠᠯᠠᠭᠤ ᠪᠥᠬᠡᠴᠢᠳ ᠬᠠᠮᠳᠤ ᠪᠠᠷ ᠴᠢᠷᠮᠠᠶᠢᠵᠥ ᠯᠠ ᠪᠠᠶᠢᠪᠠᠯ ᠯᠠᠪᠳᠠᠢ ᠪᠥᠬᠦᠳᠡᠭᠡᠷ ᠨᠢᠬᠡᠳᠴᠤ ᠢᠷᠡᠨ᠎ᠠ ᠬᠡᠳᠡᠭ ᠢ ᠪᠠᠳᠤ ᠢᠳᠡᠭᠡᠵᠥ ᠪᠠᠶᠢᠨ᠎ᠠ᠃
ᠰᠤᠷᠪᠤᠯᠵᠢᠯᠠᠬᠴᠢ᠄ ᠪᠠᠶᠠᠷᠯᠠᠯ᠎ᠠ︕
ᠰᠤᠷᠪᠤᠯᠵᠢᠯᠠᠭᠴᠢ᠄ ᠪᠤᠤ ᠦᠷᠭᠡᠨ
ᠢᠷᠡᠯᠳᠡ :
ᠦᠪᠦᠷ ᠮᠤᠩᠭᠤᠯ ᠤᠨ ᠡᠳᠦᠷ ᠦᠨ ᠰᠤᠨᠢᠨ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ