ᠨᠠᠮᠣᠷ ᠡᠪᠦᠯ ᠤᠨ ᠣᠯᠠᠷᠢᠯ ᠳᠤ ᠵᠠᠷᠢᠮ ᠬᠦᠮᠦᠰ ᠤᠨ ᠠᠷᠠᠰᠣ ᠬᠠᠭᠤᠷᠠᠶᠢᠰᠢᠵᠦ᠂ ᠵᠢᠭᠠᠰᠣᠨ ᠤ ᠬᠠᠶᠢᠷᠰᠣ ᠰᠢᠭ᠋ ᠪᠣᠯᠬᠤ‌ ᠮᠦ᠋ᠷᠳᠡᠬᠡᠨ ᠵᠠᠭᠠᠳᠣᠨᠠᠳᠠᠭ᠃ ᠭᠠᠷ ᠢᠶᠠᠷ ᠢᠶᠠᠨ ᠬᠦᠩᠬᠡᠬᠡᠨ ᠮᠠᠭᠠᠵᠢᠪᠠᠯ ᠴᠠᠰᠣᠨ ᠰᠢᠷᠬᠡᠭ ᠰᠢᠭ ᠴᠠᠭᠠᠨ ᠶᠠᠭᠤᠮ᠎ᠠ ᠪᠠᠭᠤᠨ᠎ᠠ᠃ ᠡᠨᠡ‌ᠨᠢ ᠶᠠᠭᠤᠨ ᠠᠴᠠ ᠪᠣᠯᠣᠭᠰᠠᠨ ᠪᠣᠢ ᠬᠡᠪᠡᠯ ᠪᠠᠷᠤᠭ ᠣᠯᠠᠨᠲᠠ ᠪᠡᠶ᠎ᠡ ᠪᠠᠨ ᠣᠬᠢᠶᠠᠭᠰᠨᠨ ᠲᠠᠢ ᠬᠤᠯᠪᠣᠭ᠎ᠠ ᠲᠠᠢ ᠶᠤᠮ᠃

ᠵᠠᠷᠢᠮ ᠬᠥᠮᠥᠨ ᠡᠪᠦᠯ ᠤᠨ ᠬᠦᠢᠳᠡᠨ ᠳᠤ  ᠴᠦ ᠪᠡᠶ᠎ᠡ ᠪᠠᠨ ᠣᠬᠢᠶᠠᠬᠤ ᠲᠣᠷᠠᠳᠠᠢ ᠪᠠᠶᠢᠳᠠᠭ᠃ ᠲᠠᠨ ᠤ  ᠲᠡᠷᠭᠡᠳᠡ  ᠳᠦ ᠡᠶᠢᠮᠦ 《ᠠᠷᠢᠭᠤᠨ ᠴᠡᠪᠡᠷᠴᠢ》ᠬᠦᠮᠦᠨ ᠪᠠᠶᠢᠬᠤ ᠪᠠᠶᠢᠬ᠎ᠠ᠃ ᠲᠡᠭᠡᠪᠡᠯ ᠡᠳᠦᠷ ᠪᠣᠯᠭᠠᠨ ᠪᠡᠶ᠎ᠡ ᠪᠠᠨ ᠣᠬᠢᠶᠠᠬᠤ ᠨᠢ ᠵᠣᠬᠢᠰᠳᠠᠢ‌‍ ︖ ᠡᠪᠦᠯ ᠤᠨ ᠣᠯᠠᠷᠢᠯ ᠳᠤ ᠬᠡᠳᠦᠢ ᠣᠳᠠᠭᠠᠳ ᠪᠡᠶ᠎ᠡ ᠪᠠᠨ ᠨᠢᠭᠡ ᠣᠬᠢᠶᠠᠬᠤ ᠨᠢ ᠵᠣᠬᠢᠰᠳᠠᠢ ᠪᠣᠢ︖

ᠡᠳᠦᠷ ᠪᠣᠯᠭᠠᠨ ᠪᠡᠶ᠎ᠡ ᠪᠠᠨ ᠣᠬᠢᠶᠠᠬᠤ ᠨᠢ ᠵᠣᠬᠢᠰᠳᠠᠢ ᠤᠤ︖

ᠮᠠᠰᠢ ᠣᠯᠠᠨ ᠬᠥᠮᠥᠨ ᠡᠳᠦᠷ ᠪᠣᠯᠭᠠᠨ ᠪᠡᠶ᠎ᠡ ᠪᠠᠨ ᠣᠬᠢᠶᠠᠬᠤ ᠲᠠᠳᠬᠠᠯ ᠲᠠᠢ ᠪᠠᠶᠢᠳᠠᠭ᠃ ᠬᠠᠯᠠᠭᠤᠨ ᠭᠠᠵᠠᠷ ᠲᠤ ᠪᠣᠯ‌ᠡᠳᠦᠷ ᠪᠣᠯᠭᠠᠨ ᠬᠤᠶᠠᠷ ᠣᠳᠠᠭ᠎ᠠ ᠣᠬᠢᠶᠠᠬᠤ ᠶᠠᠪᠣᠳᠠᠯ  ᠴᠦ  ᠭᠠᠷᠳᠠᠭ᠃  ᠭᠡᠪᠡᠴᠦ  ᠡᠮᠴᠢ ᠠᠴᠠ  ᠪᠡᠶ᠎ᠡ  ᠪᠠᠨ  ᠡᠳᠦᠷ  ᠪᠦᠷᠢ‌ ᠣᠬᠢᠶᠠᠬᠤ ᠦᠬᠡᠢ ᠪᠣᠯ ᠰᠠᠶᠢᠨ ᠬᠡᠵᠦ ᠰᠠᠨᠠᠭᠤᠯᠵᠦ ᠪᠠᠶᠢᠨ᠎ᠠ᠃ ᠣᠴᠢᠷ ᠨᠢ ᠶᠠᠭᠤ ᠬᠡᠪᠡᠯ  ᠪᠡᠶ᠎ᠡ  ᠣᠬᠢᠶᠠᠬᠤ  ᠰᠢᠩᠬᠡᠨ  ᠪᠣᠯᠣᠨ‌ᠦᠰᠦ ᠣᠬᠢᠶᠠᠬᠤ ᠰᠢᠩᠬᠡᠨ ᠨᠢ ᠬᠦᠮᠣᠨ ᠤ ᠪᠡᠶ᠎ᠡ ᠶᠢᠨ ᠠᠷᠠᠰᠣᠨ ᠤ ᠪᠣᠵᠠᠷ ᠪᠣᠷᠳᠠᠭ ᠢ  ᠠᠷᠢᠯᠭᠠᠬᠤ ᠶᠢᠨ  ᠲᠠᠭᠠᠣ  ᠠᠷᠠᠰᠣᠨ ‍ᠣ‌‍ᠲ᠋ᠣᠰᠣᠯᠢᠭ ᠲᠠᠪᠬᠤᠷᠭ᠎ᠠ ᠶᠢ ᠴᠦ ᠠᠷᠢᠯᠭᠠᠳᠠᠭ᠃

ᠠᠷᠠᠰᠣᠨ ᠤ ᠲᠣᠰᠣᠯᠢᠭ ᠲᠠᠪᠬᠤᠷᠭ᠎ᠠ ᠨᠢ ᠠᠷᠠᠰᠣ ᠶᠢ ᠬᠠᠮᠠᠭᠠᠯᠠᠨ᠂ ᠠᠷᠠᠰᠣᠨ ᠲᠠᠪᠬᠤᠷᠭ᠎ᠠ ᠳᠠᠬᠢ ᠣᠰᠣᠨ ᠤ ᠬᠡᠳᠦᠷᠬᠡᠢ‌ᠠᠭᠤᠷᠰᠢᠯ ᠢ ᠰᠡᠷᠬᠡᠶᠢᠯᠡᠳᠡᠭ ᠶᠤᠮ᠃

ᠣᠯᠠᠨᠲᠠ ᠪᠡᠶ᠎ᠡ ᠪᠠᠨ ᠤᠬᠢᠶᠠᠪᠠᠯ  ᠠᠷᠠᠰᠣᠨ ᠤ  ᠲᠣᠰᠣᠯᠢᠭ  ᠲᠠᠪᠬᠤᠷᠭ᠎ᠠ ᠶᠢ  ᠡᠪᠳᠡᠬᠦ  ᠪᠣᠯᠬᠤᠷ  ᠬᠠᠭᠤᠷᠠᠶᠢᠰᠢᠬᠤ᠂ᠵᠠᠭᠠᠳᠣᠨᠠᠬᠤ ᠵᠡᠷᠬᠡ ᠠᠷᠠᠰᠣᠨ ᠤ ᠰᠡᠳᠡᠯᠳᠡ ᠶᠢ ᠪᠣᠢ ᠪᠣᠯᠭᠠᠳᠠᠭ᠃ 

ᠬᠡᠳᠦᠢ ᠤᠳᠠᠭᠠᠳ ᠪᠡᠶ᠎ᠡ ᠪᠠᠨ ᠣᠬᠢᠶᠠᠬᠤ ᠨᠢ ᠰᠢᠨᠵᠢᠯᠡᠬᠦ ᠣᠬᠠᠭᠠᠨᠴᠢ ᠪᠣᠢ︖ 

ᠡᠬᠦᠨ ᠢ ᠪᠣᠳᠠᠲᠠᠢ ᠲᠣᠭᠳᠠᠭᠠᠭᠰᠠᠨ ᠬᠦᠮᠦᠨ ᠭᠡᠵᠦ ᠪᠠᠶᠢᠬᠤ ᠦᠬᠡᠢ᠃ ᠥᠭᠡᠷ᠎ᠡ ᠪᠠᠷ ᠬᠡᠯᠡᠪᠡᠯ᠂ ᠣᠷᠴᠢᠨ ᠲᠣᠭᠤᠷᠢᠨ‌‍ ᠪᠣᠯᠣᠨ ᠬᠤᠪᠢ ᠬᠦᠮᠦᠨ ᠤ ᠰᠢᠯᠳᠠᠭᠠᠨ ᠢᠶᠠᠨ ᠦᠨᠳᠦᠰᠣᠯᠡᠬᠦ ᠬᠡᠷᠡᠭᠳᠠᠢ᠃

ᠬᠠᠯᠠᠭᠤᠨ ᠴᠠᠭ ᠲᠤ ᠢᠯᠡᠭᠦᠦ ᠣᠬᠢᠶᠠᠵᠦ᠂ ᠬᠦᠢᠳᠡᠨ ᠴᠠᠭ ᠲᠤ ᠴᠦᠬᠡᠨ ᠰᠢᠭ ᠣᠬᠢᠶᠠᠬᠤ ᠨᠢ ᠵᠣᠬᠢᠰᠳᠠᠢ᠃

ᠡᠨᠡ ᠲᠠᠯ᠎ᠠ ᠪᠠᠷ ᠲᠣᠮᠳᠠᠳᠣ ᠣᠯᠣᠰ ᠤᠨ ᠠᠷᠠᠰᠣᠨ ᠤ ᠰᠠᠯᠠᠭᠠᠨ ᠤ  ᠨᠡᠶᠢᠬᠡᠮᠯᠢᠭ ᠤᠨ ᠨᠡᠶᠢᠳᠡᠯᠡᠭᠰᠡᠨ《ᠠᠷᠠᠰᠣ ᠵᠢ‌‍ᠴᠡᠪᠡᠷᠰᠢᠬᠦᠯᠬᠦ ᠲᠤᠬᠠᠢ ᠵᠦᠭᠯᠡᠭᠦᠷ》 ᠢᠶᠠᠷ ᠯᠠᠪᠯᠠᠯᠳᠠ ᠪᠣᠯᠭᠠᠵᠦ ᠪᠣᠯᠣᠨ᠎ᠠ᠃ ᠡᠭᠦᠨ ᠳᠤ ᠲᠡᠮᠳᠡᠭᠯᠡᠭᠰᠡᠨ ᠢᠶᠠᠷ᠄

ᠡᠩ ᠤᠨ ᠪᠠᠶᠢᠳᠠᠯ ᠳᠤ 2~3 ᠡᠳᠦᠷ ᠲᠤ ᠨᠢᠬᠡ ᠣᠳᠠᠭ᠎ᠠ ᠪᠡᠶ᠎ᠡ ᠪᠠᠨ ᠣᠬᠢᠶᠠᠵᠦ᠂ ᠵᠣᠨ ᠤ ᠬᠠᠯᠠᠭᠤᠨ ᠴᠠᠭ ᠪᠣᠶᠣ‌‍ ᠲ᠋ᠠᠮᠢᠷ ᠤᠨ ᠬᠦᠳᠡᠯᠬᠡᠬᠡᠨ ᠳᠤ ᠲᠣᠷᠠᠳᠠᠢ ᠬᠦᠮᠦᠰ ᠡᠳᠦᠷ ᠪᠦᠷᠢ ᠪᠡᠶ᠎ᠡ ᠪᠠᠨ  ᠤᠬᠢᠶᠠᠵᠤ  ᠪᠣᠯᠣᠨ᠎ᠠ᠃  ᠭᠠᠩ  ᠬᠠᠭᠤᠷᠠᠢ  ᠭᠠᠵᠠᠷ‌ ᠣᠷᠣᠨ ᠪᠣᠶᠣ ᠡᠪᠦᠯ ᠤᠨ ᠬᠦᠢᠳᠡᠨ ᠳᠤ ᠨᠠᠰᠣᠳᠠᠢ ᠬᠦᠮᠦᠰ 5~7 ᠡᠳᠦᠷ ᠲᠤ᠂ ᠵᠠᠯᠠᠭᠤᠴᠣᠳ 3~5 ᠡᠳᠦᠷ  ᠲᠤ  ᠨᠢᠬᠡ‌ᠣᠳᠠᠭ᠎ᠠ ᠪᠡᠶ᠎ᠡ ᠪᠠᠨ ᠣᠬᠢᠶᠠᠬᠤ ᠶᠢ ᠰᠠᠨᠠᠭᠤᠯᠵᠦ ᠪᠠᠶᠢᠨ᠎ᠠ᠃  ᠪᠡᠶ᠎ᠡ  ᠣᠬᠢᠶᠠᠬᠤ  ᠠᠯᠬᠤᠮ ᠲᠠᠷᠠᠭ᠎ᠠ ᠶᠢᠨ ᠲᠣᠬᠠᠢ ᠬᠡᠪᠡᠯ᠂ᠣᠷᠢᠳᠠᠪᠠᠷ ᠨᠢᠭᠤᠷ ᠢᠶᠠᠨ ᠣᠬᠢᠶᠠᠵᠦ᠂ ᠲᠠᠷᠠᠭ᠎ᠠ ᠨᠢ ᠪᠡᠶ᠎ᠡ ᠪᠠᠨ ᠣᠬᠢᠶᠠᠨ᠂ ᠬᠠᠮᠤᠭ ᠤᠨ ᠰᠡᠬᠦᠯ ᠳᠤ ᠦᠰᠦ ᠪᠠᠨ ᠣᠬᠢᠶᠠᠬᠤ ᠨᠢ‌‍ᠲ᠋ᠣᠬᠢᠷᠠᠮᠵᠢᠳᠠᠢ ᠶᠤᠮ᠃ 

ᠪᠡᠶ᠎ᠡ ᠪᠠᠨ ᠣᠬᠢᠶᠠᠬᠤ ᠳᠤ ᠶᠠᠭᠤ ᠶᠢ ᠠᠩᠬᠠᠷᠬᠤ ᠴᠢᠬᠤᠯᠠᠲᠠᠢ ᠪᠣᠢ︖

1.ᠭᠬᠢᠷ ᠠᠷᠢᠯᠭᠠᠬᠤ ᠠᠯᠴᠢᠭᠤᠷ ᠢᠶᠠᠷ ᠪᠡᠶ᠎ᠡ ᠪᠠᠨ ᠰᠢᠷᠦᠬᠦᠨ ᠵᠦᠯᠬᠦᠬᠦ ᠨᠢ ᠠᠷᠠᠰᠣᠨ ᠤ  ᠲᠠᠪᠬᠤᠷᠭ᠎ᠠ ᠶᠢ  ᠡᠪᠳᠡᠬᠦ᠂ᠴᠢᠨᠠᠭᠰᠢᠯᠠᠭᠠᠳ ᠰᠢᠷᠬ᠎ᠠ ᠰᠣᠷᠪᠢ ᠦᠯᠡᠳᠡᠭᠡᠬᠦ ᠠᠶᠣᠯ ᠲᠠᠢ ᠪᠣᠯᠬᠤᠷ ᠪᠣᠯᠬᠤ ᠶᠢᠨ ᠲᠣᠳᠣᠷ᠎ᠠ ᠪᠢᠳᠡᠭᠡᠢ ᠰᠢᠷᠦᠬᠦᠨ ᠵᠦᠯᠬᠦᠬᠡᠷᠠᠢ᠃ 

2. ᠪᠡᠶ᠎ᠡ ᠣᠬᠢᠶᠠᠬᠤ ᠰᠢᠩᠬᠡᠨ ᠢ ᠪᠡᠶ᠎ᠡ ᠲᠦᠭᠦᠷᠡᠩ ᠲᠦᠷᠬᠢᠬᠦ ᠬᠡᠷᠡᠭ ᠦᠭᠡᠢ᠃  ᠦᠨᠡᠨᠳᠡᠬᠡᠨ  ᠴᠡᠪᠡᠷ  ᠣᠰᠣ  ᠪᠠᠷ‌‍ᠪᠡᠶ᠎ᠡ ᠳᠡᠭᠡᠷᠡᠬᠢ ᠭᠬᠢᠷ ᠢ ᠠᠷᠢᠯᠭᠠᠴᠢᠬᠠᠬᠤ ᠶᠤᠮ᠃ ᠬᠦᠯ᠂ ᠰᠣᠭᠤ ᠵᠡᠷᠬᠡ ᠭᠠᠵᠠᠷ ᠲᠦᠷᠬᠢᠪᠡᠯ ᠪᠣᠯᠴᠢᠬᠠᠨ᠎ᠠ᠃  ᠪᠡᠶ᠎ᠡ  ᠣᠬᠢᠶᠠᠬᠤ‌‍ᠰᠢᠩᠬᠡᠨ ᠢ ᠢᠩᠬᠢᠵᠦ ᠬᠡᠷᠡᠭᠯᠡᠪᠡᠯ ᠵᠣᠭᠤᠰ ᠠᠷᠪᠢᠯᠠᠬᠤ ᠪᠠᠷ ᠪᠠᠷᠠᠬᠤ ᠦᠭᠡᠢ ᠰᠠᠨᠠᠭᠠᠨ ᠳᠤ ᠦᠬᠡᠢ ᠠᠷᠠᠰᠣᠨ ᠤ ᠬᠡᠮᠳᠦᠯ ᠠᠴᠠ ᠴᠣ᠋‌ᠵᠠᠶᠢᠯᠠᠵᠦ ᠴᠢᠳᠠᠨ᠎ᠠ᠃

3. ᠪᠡᠶ᠎ᠡ ᠪᠠᠨ ᠣᠬᠢᠶᠠᠮᠠᠭᠴᠨ ᠣᠨᠳᠠᠬᠤ ᠨᠢ ᠲᠡᠶᠢᠮᠦ ᠰᠠᠶᠢᠨ ᠪᠢᠰᠢ᠃ ᠪᠡᠶ᠎ᠡ ᠪᠠᠨ ᠣᠬᠢᠶᠠᠬᠤ ᠦᠶᠡᠰ  ᠠᠷᠠᠰᠣᠨ ‍ᠣ‌‍ᠬᠢᠯᠭᠠᠰᠣᠨ ᠰᠣᠳᠠᠯ ᠲᠡᠯᠡᠵᠦ᠂ ᠪᠦᠬᠦ ᠪᠡᠶ᠎ᠡ ᠶᠢᠨ ᠴᠢᠰᠣᠨ ᠡᠷᠬᠢᠯᠳᠡ ᠲᠦᠷᠬᠡᠰᠦᠨ᠂ ᠪᠡᠶ᠎ᠡ ᠬᠠᠷᠢᠴᠠᠩᠭᠤᠢ ᠰᠡᠷᠬᠡᠭ  ᠪᠠᠶᠢᠳᠠᠯ   ᠳᠦ ᠣᠷᠣᠳᠠᠭ ᠪᠣᠯᠬᠤᠷ ᠡᠨᠡ ᠦᠶ᠎ᠡ ᠳᠤ ᠣᠨᠳᠠᠪᠠᠯ ᠠᠮᠠᠷᠬᠠᠨ ᠨᠣᠶᠢᠷ ᠬᠤᠯᠵᠢᠨ᠎ᠠ᠃ ᠡᠶᠢᠮᠦ ᠠᠴᠠ  1~2  ᠴᠠᠭ ᠤᠨ  ᠲᠠᠷᠠᠭ᠎ᠠ‌ᠣᠨᠳᠠᠪᠠᠯ ᠬᠠᠮᠤᠭ ᠤᠨ ᠵᠣᠬᠢᠰᠳᠠᠢ ᠶᠣᠮ᠃ 

4. ᠪᠡᠶ᠎ᠡ ᠪᠠᠨ ᠣᠬᠢᠶᠠᠮᠠᠭᠴᠨ ᠠᠷᠠᠰᠣ  ᠰᠢᠮᠡᠵᠢᠬᠦᠯᠬᠦ  ᠲᠣᠰᠣ  ᠲᠦᠷᠬᠢᠬᠡᠷᠠᠢ᠃  ᠣᠰᠣᠨ  ᠳᠤ  ᠣᠷᠣᠭᠰᠠᠨ   ᠴᠦ ᠬᠦ᠋ᠮᠦᠨ ᠤ ᠠᠷᠠᠰᠣ ᠲᠡᠶᠢᠮᠦ ᠠᠷᠪᠢᠨ ᠣᠰᠣ ᠶᠢ ᠰᠢᠩᠬᠡᠬᠡᠵᠦ ᠴᠢᠳᠠᠬᠤ ᠦᠬᠡᠢ᠃ ᠣᠨᠴᠠᠭᠠᠶᠢᠯᠠᠨ ᠬᠠᠯᠠᠭᠤᠨ ᠣᠰᠣᠨ ᠳᠤ  ᠪᠡᠶ᠎ᠡ‌‍ ᠪᠠᠨ ᠣᠬᠢᠶᠠᠭᠰᠠᠨ ᠤ ᠲᠠᠷᠠᠭ᠎ᠠ᠂ ᠠᠷᠠᠰᠣᠨ ᠤ  ᠲᠣᠯᠠᠭᠠᠨ ᠤ  ᠬᠡᠮᠵᠢᠶ᠎ᠠ  ᠦᠨᠳᠦᠷᠰᠢᠵᠦ᠂  ᠲᠦᠷᠬᠡᠨ  ᠠᠭᠤᠷᠰᠢᠳᠠᠭ  ᠪᠣᠯᠬᠤᠷ‌ ᠠᠷᠠᠰᠣᠨ ᠤ  ᠦᠩᠬᠡᠨ  ᠲᠠᠪᠬᠤᠷᠭ᠎ᠠ  ᠳᠠᠬᠢ  ᠣᠰᠣ  ᠦᠬᠡᠢ ᠪᠣᠯᠵᠦ᠂  ᠠᠷᠠᠰᠣ  ᠬᠠᠭᠤᠷᠠᠶᠢᠰᠢᠳᠠᠭ᠃  ᠡᠶᠢᠮᠦ ᠠᠴᠠ ᠪᠡᠶ᠎ᠡ‌ ᠬᠠᠳᠠᠬᠤ ᠠᠴᠠ ᠡᠮᠦᠨ᠎ᠡ ᠠᠷᠠᠰᠣ ᠰᠢᠮᠡᠵᠢᠬᠦᠯᠬᠦ ᠲᠣᠰᠣ ᠲᠦᠷᠬᠢᠪᠡᠯ ᠠᠷᠠᠰᠣᠨ ᠤ ᠲᠠᠪᠬᠤᠷᠭ᠎ᠠ ᠶᠢᠨ ᠣᠰᠣ ᠶᠢ ᠬᠠᠮᠠᠭᠠᠯᠠᠵᠦ ᠴᠢᠳᠠᠬᠤ‌‍ᠪᠠᠷ ᠦᠯᠦ ᠪᠠᠷᠠᠮ ᠠᠷᠠᠰᠣ ᠶᠢ ᠬᠠᠮᠠᠭᠠᠯᠠᠵᠦ ᠴᠢᠳᠠᠨ᠎ᠠ᠃


ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ