ᠤᠰᠤ ᠢᠯᠡᠭᠦᠦ ᠤᠤᠭᠤᠬᠤ ᠨᠢ ᠬᠥᠮᠥᠨ ᠤ ᠪᠡᠶ᠎ᠡ ᠶᠢᠨ ᠬᠤᠣᠷ ᠢ  ᠭᠠᠳᠠᠭᠰᠢᠯᠠᠭᠤᠯᠵᠤ᠂ ᠰᠢᠨ᠎ᠡ  ᠬᠠᠭᠤᠴᠢᠨ  ‍ᠣ‌‍ᠰᠣᠯᠢᠯᠴᠠᠭ᠎ᠠ ᠶᠢ ᠠᠬᠢᠭᠤᠯᠤᠨ᠂ ᠡᠷᠡᠭᠦᠯ ᠮᠡᠨᠳᠦ ᠳᠤ ᠲᠤᠰᠠᠲᠠᠢ ᠭᠡᠵᠦ ᠣᠯᠠᠩᠬᠢ ᠬᠥᠮᠥᠰ  ᠦᠵᠡᠳᠡᠭ᠃ ᠭᠡᠬᠦ ᠳᠡᠭᠡᠨ ᠤᠰᠤ‌ ᠢᠯᠡᠭᠦᠦ ᠤᠤᠭᠤᠬᠤ ᠨᠢ ᠬᠥᠮᠥᠨ ᠤ ᠪᠡᠶ᠎ᠡ ᠳᠤ ᠦᠨᠡᠬᠡᠷ ᠠᠰᠢᠭᠲᠠᠢ ᠭᠡᠵᠦ ᠦᠦ︖

ᠤᠰᠤ ᠤᠤᠭᠤᠬᠤ ᠨᠢ ᠬᠥᠮᠥᠨ ᠤ ᠪᠡᠶ᠎ᠡ ᠶᠢᠨ ᠳᠤᠯᠠᠭᠠᠨ ᠤ ᠬᠡᠮᠵᠢᠶ᠎ᠡ ᠶᠢ ᠲᠣᠬᠢᠷᠠᠭᠤᠯᠵᠤ᠂  ᠡᠯ᠎ᠡ  ᠡᠷᠬᠡᠲᠡᠨ  ᠪᠣᠯᠣᠨ‌ᠦᠶ᠎ᠡ ᠭᠡᠰᠢᠭᠦᠦ ᠶᠢ ᠭᠤᠯᠭᠤᠮᠠᠲᠠᠭᠠᠢ ᠪᠣᠯᠭᠠᠵᠤ᠂ ᠪᠡᠶ᠎ᠡ ᠳᠠᠬᠢ ᠬᠤᠣᠷᠲᠤ ᠡᠳ᠋ ᠢ ᠭᠠᠳᠠᠭᠰᠢᠯᠠᠭᠤᠯᠬᠤ ᠵᠡᠷᠭᠡ  ᠦᠢᠯᠡᠳᠦᠯ ᠲᠠᠢ‌‍ ᠪᠠᠶᠢᠳᠠᠭ᠃ ᠬᠡᠳᠦᠶᠢᠪᠡᠷ ᠤᠰᠤ ᠤᠤᠭᠤᠬᠤ ᠨᠢ ᠬᠥᠮᠥᠨ ᠤ ᠪᠡᠶ᠎ᠡ ᠶᠢᠨ ᠡᠷᠡᠭᠦᠯ ᠮᠡᠨᠳᠦ ᠳᠤ ᠮᠠᠰᠢ  ᠴᠢᠬᠤᠯᠠ  ᠦᠢᠯᠡᠳᠦᠯ  ᠲᠠᠢ‌‍ ᠪᠣᠯᠪᠠᠴᠤ ᠬᠡᠳᠦᠢ ᠢᠯᠡᠭᠦᠦ ᠤᠤᠭᠤᠪᠠᠯ ᠲᠡᠳᠦᠢ ᠰᠠᠶᠢᠨ ᠭᠡᠰᠡᠨ ᠶᠠᠪᠤᠳᠠᠯ ᠪᠢᠰᠢ ᠶᠤᠮ᠃ ᠳᠡᠩᠳᠡᠭᠦᠦ ᠠᠷᠪᠢᠨ ᠤᠰᠤ  ᠤᠤᠭᠤᠪᠠᠯ‌ ᠡᠯᠢᠭᠡ ᠪᠥᠭᠡᠷᠡᠨ ᠤ ᠠᠵᠢᠯᠯᠠᠭ᠎ᠠ ᠳᠣᠷᠣᠢ ᠬᠥᠮᠥᠰ ᠤᠰᠤᠨ ᠳᠤ  ᠬᠤᠣᠷᠳᠠᠭᠳᠠᠵᠤ  ᠮᠡᠳᠡᠬᠦ  ᠶᠤᠮ᠃  ᠡᠭᠦᠨ  ᠠᠴᠠ  ᠭᠠᠳᠠᠨ᠎ᠠ‌‍ ᠲ᠋ᠡᠩᠳᠡᠭᠦᠦ ᠠᠷᠪᠢᠨ ᠤᠰᠤ ᠤᠤᠭᠤᠭᠠᠳ ᠳᠡᠮᠡᠢ ᠠᠷᠪᠢᠨ  ᠭᠠᠳᠠᠭᠰᠢᠯᠠᠭᠤᠯᠬᠤ ᠦᠭᠡᠢ ᠪᠣᠯ ᠴᠢᠰᠤᠨ  ᠳᠠᠬᠢ ᠤᠰᠤᠨ  ‍ᠣ‌ᠠᠭᠤᠯᠤᠭᠳᠠᠴᠠ ᠨᠢ ᠨᠡᠮᠡᠭᠳᠡᠳᠡᠭ᠂ ᠡᠨᠡ ᠦᠶ᠎ᠡ ᠳᠤ ᠴᠠᠭ ᠲᠤᠬᠠᠢ ᠳᠤᠨᠢ ᠨᠠᠲᠷᠢ ᠨᠥᠬᠦᠪᠦᠷᠢᠯᠡᠬᠦ ᠦᠭᠡᠢ ᠪᠣᠯ ᠬᠥᠮᠥᠨ  ᠤ  ᠪᠡᠶ᠎ᠡ‌‍ ᠶᠢᠨ ᠠᠵᠢᠯᠯᠠᠭ᠎ᠠ ᠨᠥᠯᠥᠭᠡᠯᠡᠭᠳᠡᠵᠦ ᠮᠡᠳᠡᠨ᠎ᠡ᠃ ᠡᠭᠦᠨ ᠠᠴᠠ ᠭᠠᠳᠠᠨ᠎ᠠ ᠳᠡᠩᠳᠡᠭᠦᠦ ᠠᠷᠪᠢᠨ  ᠤᠰᠤ  ᠤᠤᠭᠤᠪᠠᠯ  ᠪᠠᠰᠠ  ᠪᠡᠶ᠎ᠡ‌ ᠬᠠᠪᠤᠩᠨᠠᠬᠤ ᠪᠠᠶᠢᠳᠠᠯ ᠢᠯᠡᠷᠡᠳᠡᠭ᠃

ᠲᠡᠭᠡᠪᠡᠯ ᠨᠠᠰᠤᠨ ᠳᠤ ᠬᠥᠷᠥᠭᠰᠡᠨ ᠬᠥᠮᠥᠰ ᠡᠳᠦᠷ ᠲᠤ ᠬᠡᠳᠦᠢ ᠤᠰᠤ ᠤᠤᠭᠤᠪᠠᠯ ᠵᠣᠬᠢᠬᠤ ᠪᠣᠢ︖

ᠨᠠᠰᠤᠨ ᠳᠤ ᠬᠥᠷᠥᠭᠰᠡᠨ ᠡᠷᠡᠭᠲᠡᠢ ᠡᠮᠡᠭᠲᠡᠢ ᠡᠳᠦᠷ ᠲᠤ ᠲᠤᠰ ᠲᠤᠰ 3000ml ᠤᠰᠤ ᠪᠠ 2700ml ᠤᠰᠤ‌‍ ᠬᠡᠷᠡᠭᠰᠡᠳᠡᠭ᠃ ᠡᠭᠦᠨ ᠳᠤ᠂ 300ml ᠢ ᠨᠢ ᠬᠥᠮᠥᠨ ᠤ ᠪᠡᠶ᠎ᠡ ᠥᠪᠡᠷᠲᠡᠭᠡᠨ ᠬᠠᠩᠭᠠᠳᠠᠭ᠃ 1500 ᠠᠴᠠ 1700ml   ᠢ ᠨᠢ ᠤᠰᠤ ᠴᠠᠢ ᠤᠤᠭᠤᠬᠤ ᠪᠠᠷ ᠳᠠᠮᠵᠢᠵᠤ ᠨᠥᠬᠦᠪᠦᠷᠢᠯᠡᠳᠡᠭ᠃ 1000ml    ᠢ ᠨᠢ ᠠᠯᠢᠮ᠎ᠠ ᠵᠢᠮᠢᠰ᠂ ᠨᠣᠭᠤᠭ᠎ᠠ ᠴᠠᠭ᠎ᠠ᠂ ᠰᠦ᠂ ᠲᠤᠲᠤᠷᠭ᠎ᠠ᠂ ᠵᠢᠭᠠᠰᠤ ᠵᠢᠷᠠᠭᠠᠬᠠᠢ ᠵᠡᠷᠭᠡ ᠤᠰᠤ ᠠᠷᠪᠢᠨ ᠠᠭᠤᠯᠤᠭᠳᠠᠵᠤ ᠪᠠᠶᠢᠭ᠎ᠠ ᠢᠳᠡᠭᠡᠨ ᠤᠮᠳᠠᠭᠠᠨ  ᠤ  ᠵᠦᠢᠯ  ᠵᠶ᠋ᠡᠷ‌ ᠨᠦᠬᠦᠪᠦᠷᠢᠯᠡᠳᠡᠭ᠃

ᠲᠡᠶᠢᠮᠦ ᠠᠴᠠ ᠡᠩ ᠤᠨ ᠪᠠᠶᠢᠳᠠᠯ ᠳᠣᠣᠷ᠎ᠠ ᠨᠠᠰᠤᠨ ᠳᠤ ᠬᠥᠷᠥᠭᠰᠡᠨ ᠬᠥᠮᠥᠰ 1500 ᠠᠴᠠ 1700ml  ᠤᠰᠤ‌ ᠤᠤᠭᠤᠪᠠᠯ ᠵᠣᠬᠢᠨ᠎ᠠ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ