d0775e6b-5119-4138-a53c-2d0588d4d292.jpg

ᠠᠯᠳᠠᠨ ᠨᠠᠮᠤᠷ ᠤᠨ ᠬᠤᠩᠭᠤᠷ ᠰᠠᠯᠬᠢᠨ ᠠᠶᠠᠷᠬᠠᠨ ᠦᠯᠢᠶᠡᠭᠰᠡᠨ 10 ᠰᠠᠷ᠎ᠠ ᠶᠢᠨ 12 ᠤ ᠡᠳᠦᠷ᠂ ᠵᠡᠬᠦᠨ ᠦᠵᠦᠮᠦᠴᠢᠨ ᠬᠤᠰᠢᠭᠤᠨ ᠤ ᠠᠯᠳᠠᠨᠬᠢᠯᠢ ᠰᠤᠮᠤᠨ ᠤ ᠠᠯᠳᠠᠨᠬᠢᠯᠢ ᠭᠠᠴᠠᠭᠠᠨ ᠤ ᠠᠰᠬ᠎ᠠ ᠦᠨᠳᠦᠷ ᠬᠠᠳᠠ ᠴᠢᠯᠠᠭᠤᠳ ᠲᠠᠢ ᠬᠠᠳᠠᠨ ᠬᠤᠰᠢᠭᠤ᠂ ᠬᠠᠳᠠᠨ ᠬᠤᠰᠢᠭᠤ ᠶᠢᠨ ᠭᠤᠤᠯ ᠢᠶᠠᠷ ᠨᠤᠳᠤᠭᠯᠠᠵᠤ ᠪᠠᠶᠢᠭ᠎ᠠ ᠠᠳᠤᠭᠤᠴᠢᠨ ᠪᠦᠬᠡᠪᠠᠭᠠᠳᠤᠷ ᠶᠢᠨ ᠳᠤ ᠠᠯᠳᠠᠨᠬᠢᠯᠢ ᠰᠤᠮᠤᠨ ᠶᠢᠨ ᠬᠠᠷᠢᠭᠤᠴᠠᠯᠭᠠᠳᠠᠨ᠂ ᠭᠠᠴᠠᠭᠠᠨ ᠤ ᠤᠳᠤᠷᠢᠳᠤᠯᠭ᠎ᠠ ᠲᠠᠢ ᠨᠢ ᠬᠠᠮᠳᠦ ᠬᠦᠷᠴᠦ ᠤᠴᠢᠷᠳᠠᠢ ᠰᠠᠶᠢᠬᠠᠨ ᠰᠤᠷᠪᠤᠯᠵᠢᠯᠠᠭ᠎ᠠ ᠪᠠᠨ ᠡᠬᠢᠯᠡᠬᠦᠯᠦᠯ᠎ᠡ᠃

ᠲᠠᠪᠢ ᠶᠢᠨ ᠲᠠᠪᠠᠭ᠎ᠠ ᠶᠢ ᠲᠠᠪᠠᠵᠤ ᠶᠠᠪᠤᠭ᠎ᠠ ᠪᠦᠬᠡᠪᠠᠭᠠᠳᠤᠷ ᠭᠡᠵᠦ ᠬᠠᠷ᠎ᠠ ᠪᠤᠷᠤᠬᠠᠨ ᠴᠢᠷᠠᠢ ᠲᠠᠢ᠂ ᠨᠠᠮᠤᠭᠤᠬᠠᠨ ᠶᠠᠷᠢᠶ᠎ᠠ ᠬᠦᠬᠡᠷᠦᠬᠡ ᠲᠠᠢ ᠬᠦᠳᠡᠭᠡ ᠶᠢᠨ ᠬᠦᠮᠦᠨ ᠤ ᠬᠦᠳᠦᠰᠬᠡᠨ ᠠᠷᠠᠨᠰᠢᠨ ᠲᠠᠢ ᠬᠠᠰᠢᠷ ᠮᠠᠯᠴᠢᠨ ᠶᠤᠮ᠃ ᠡᠳᠡᠨ ᠤ ᠬᠢᠨ 6 ᠠᠮᠠ ᠪᠦᠯᠢ ᠲᠠᠢ᠂ ᠬᠡᠷ ᠬᠤᠷᠢᠶᠠᠯᠠᠯ ᠪᠦᠳᠦᠭᠡᠨ ᠪᠠᠶᠢᠭᠤᠯᠤᠯᠳᠠ ᠪᠦᠷᠢᠨ ᠲᠦᠭᠦᠷ᠂ 300 ᠭᠠᠷᠤᠢ ᠮᠤᠩᠭᠤᠯ ᠠᠳᠤᠭᠤ᠂ 70 ᠭᠠᠷᠤᠢ ᠰᠢᠮᠧᠨ᠋ᠳᠠᠷ ᠦᠬᠡᠷ ᠲᠠᠢ ᠴᠢᠨᠡᠭᠡᠯᠢᠭ ᠠᠮᠢᠳᠤᠷᠠᠵᠤ ᠪᠠᠶᠢᠨ᠎ᠠ᠃

7e972f71-d0a8-4fb3-b4c9-8eef8f618cd6.jpg

ᠬᠠᠷᠠᠬᠠᠨ ᠪᠠᠭ᠎ᠠ ᠠᠴᠠ ᠪᠠᠨ ᠠᠳᠤᠭᠤ ᠮᠠᠯ᠂ ᠬᠤᠷᠠᠭ᠎ᠠ ᠢᠰᠢᠬᠡ ᠲᠠᠢ ᠨᠤᠤᠷᠠᠵᠤ ᠦᠰᠦᠭᠰᠡᠨ ᠲᠡᠷᠡ ᠪᠠᠷ ᠠᠳᠤᠭᠤ ᠪᠠᠨ ᠬᠠᠶᠢᠷᠠᠯᠠᠵᠤ ᠦᠰᠭᠡᠭᠰᠡᠨ ᠢᠶᠠᠷ ᠪᠠᠷᠠᠬᠤ ᠦᠬᠡᠢ ᠠᠳᠤᠭᠤ ᠪᠠᠨ ᠭᠠᠴᠠᠭᠠᠨ ᠤ ᠠᠶᠢᠯ ᠠᠶᠢᠮᠠᠭ ᠶᠢᠨ ᠬᠢᠨ ᠳᠤ ᠪᠠᠨ ᠰᠦᠷᠦᠭ ᠲᠠᠯᠪᠢᠵᠤ ᠠᠮᠢᠳᠤᠷᠠᠯ ᠳᠤ ᠲᠤᠰᠠ ᠲᠡᠮ ᠪᠤᠯᠵᠤ ᠶᠠᠪᠤᠭᠰᠠᠨ ᠢ ᠤᠨᠴᠠᠯᠠᠨ ᠲᠤᠷᠠᠳᠬᠤ ᠶᠤᠰᠤᠳᠠᠢ᠃ ᠡᠨᠡ ᠲᠠᠯ᠎ᠠ ᠪᠠᠷ ᠢᠶᠠᠨ ᠪᠦᠬᠡᠪᠠᠭᠠᠳᠤᠷ ᠪᠢᠳᠡᠨ ᠤ ᠰᠤᠷᠪᠤᠯᠵᠢᠯᠠᠭ᠎ᠠ ᠶᠢ ᠬᠦᠯᠢᠶᠡᠯ᠎ᠡ

ᠠᠳᠤᠭᠤ ᠪᠠᠷ ᠢᠶᠠᠨ ᠠᠶᠢᠯ ᠠᠶᠢᠮᠠᠭ ᠢᠶᠠᠨ ᠲᠡᠮᠵᠢᠵᠤ ᠶᠠᠪᠤᠭᠰᠠᠨ ᠲᠡᠬᠦᠨ ᠤ ᠬᠠᠶᠢᠷᠠᠳᠠᠢ ᠪᠤᠭᠤᠷᠤᠯ ᠮᠤᠷᠢ ᠨᠢ ᠤᠪᠤᠭ᠎ᠠ ᠪᠤᠯᠠᠭ᠂ ᠨᠠᠰᠤᠳᠠᠨ ᠤ ᠨᠠᠶᠢᠷ ᠲᠤ ᠤᠷᠤᠯᠳᠤᠵᠤ 9 ᠤᠳᠠᠭ᠎ᠠ ᠲᠡᠷᠢᠬᠦᠯᠡᠵᠦ ᠪᠠᠶᠢᠭ᠎ᠠ ᠪᠠᠨ ᠰᠡᠳᠬᠢᠯ ᠲᠤᠭᠳᠤᠯᠤᠨ ᠶᠠᠷᠢᠵᠤ᠂ ᠠᠳᠤᠭᠤ ᠪᠠᠨ ᠤᠶᠢᠷᠠᠳᠤᠭᠤᠯᠬᠤ ᠪᠠᠷ ᠪᠤᠷᠦ ᠮᠤᠷᠢ ᠪᠠᠨ ᠡᠮᠡᠭᠡᠯᠯᠡᠨ ᠮᠤᠷᠳᠠᠯ᠎ᠠ᠃

ᠪᠦᠬᠦ ᠬᠤᠰᠢᠭᠤᠨ ᠤ ︽ᠬᠦᠳᠡᠯᠮᠦᠷᠢ ᠶᠢᠨ ᠵᠢᠱᠢᠶᠡᠴᠢ︾ ᠠᠯᠳᠠᠨᠬᠢᠯᠢ ᠰᠤᠮᠤᠨ ᠤ ᠪᠠᠨ ︽ᠭᠠᠷᠮᠠᠭᠠᠢ ᠮᠠᠯᠴᠢᠨ︾ ᠠᠯᠳᠠᠷ ᠲᠠᠢ᠂ ᠬᠤᠰᠢᠭᠤ ᠰᠤᠮᠤᠨ ᠤ 《 ᠤᠳᠤᠨ ᠲᠡᠰ ᠶᠢᠨ ᠪᠤᠯᠪᠠᠰᠤᠨ ᠴᠢᠨᠡᠭᠡᠯᠢᠭ ᠡᠷᠦᠬᠡ 》᠂ 《 ᠦᠨᠳᠦᠰᠦᠨ ᠪᠦᠳᠦᠭᠡᠨ ᠪᠠᠶᠢᠭᠤᠯᠤᠯᠳᠠ ᠶᠢᠨ ᠪᠠᠷᠢᠮᠵᠢᠶᠠᠯᠠᠯᠳᠠ ᠶᠢᠨ ᠲᠠᠭᠤᠷᠢᠶᠠᠯ ᠡᠷᠦᠬᠡ 》᠂ 《 ᠲᠠᠪᠤᠨ ᠰᠠᠶᠢᠨᠳᠠᠢ ᠭᠡᠷ ᠪᠦᠯᠢ 》᠂ 《 ᠡᠶ᠎ᠡ ᠵᠤᠬᠢᠴᠠᠯᠳᠦ ᠭᠡᠷ ᠪᠦᠯᠢ 》᠂ 《 ᠶᠠᠳᠠᠭᠤ ᠶᠢ ᠲᠡᠳᠬᠦᠬᠦ ᠠᠵᠢᠯ ᠲᠤᠮᠳᠠ ᠲᠤᠪᠤᠶᠢᠮ᠎ᠠ ᠬᠤᠪᠢ ᠨᠠᠮᠡᠷᠢ ᠦᠵᠡᠬᠦᠯᠦᠭᠰᠡᠨ ᠡᠷᠤᠬᠡ 》 ᠶᠢᠨ ᠡᠵᠡᠨ ᠪᠦᠬᠡᠪᠠᠭᠠᠳᠤᠷ ᠶᠢᠨ ᠭᠡᠷᠬᠡᠢ ᠴᠤ ᠠᠵᠢᠯᠴᠢ ᠬᠦᠳᠡᠯᠮᠦᠷᠢᠴᠢ ᠬᠡᠳᠡᠭ ᠨᠢ ᠭᠡᠷ ᠲᠡᠷᠬᠡ ᠶᠢᠨ ᠬᠢᠯᠡ ᠴᠢᠯᠡ᠂ ᠠᠷᠭᠠᠯ ᠬᠦᠷᠴᠡᠩ ᠶᠢᠨ ᠲᠡᠷᠢ ᠲᠡᠭᠰᠢ ᠠᠴᠠ ᠢᠯᠡᠬᠡᠨ ᠬᠠᠷᠠᠭᠳᠠᠨ᠎ᠠ᠃

dcd2f6be-6156-4cb3-b371-0bb0dca6597a.jpg

ae4111dc-b803-454c-883b-e86254687043.jpg

ᠠᠵᠢᠯ ᠬᠦᠳᠡᠯᠮᠦᠷᠢᠴᠢ ᠠᠷᠪᠢᠯᠠᠨ ᠭᠠᠮᠨᠠᠬᠤ ᠶᠢ ᠡᠷᠬᠢᠮᠯᠡᠵᠦ᠂ ᠠᠶᠢᠯ ᠠᠶᠢᠮᠠᠭ ᠤᠨ ᠢᠶᠠᠨ ᠬᠠᠶᠢᠷ᠎ᠠ ᠶᠢᠨ ᠬᠠᠯᠠᠭᠤᠨ ᠲᠤᠰᠠ ᠲᠡᠮ ᠢᠶᠠᠨ ᠬᠦᠷᠳᠡᠭᠡᠵᠦ ᠶᠠᠪᠤᠭᠰᠠᠨ ᠪᠦᠬᠡᠪᠠᠭᠠᠳᠤᠷ ᠶᠢᠨ ᠡᠷᠬᠢᠮ ᠲᠡᠭᠡᠳᠦ ᠦᠢᠯᠡ ᠠᠵᠢᠯᠯᠠᠭ᠎ᠠ ᠶᠢ ᠠᠯᠳᠠᠨᠬᠢᠯᠢ ᠰᠤᠮᠤ᠂ ᠭᠠᠴᠠᠭᠠᠨ ᠠᠴᠠ ᠴᠤ ᠬᠦᠨᠳᠦᠳᠬᠡᠨ ᠦᠵᠡᠵᠦ 《 ᠮᠤᠩᠭᠤᠯ ᠠᠳᠤᠭᠤᠨ ᠤ ᠲᠤᠰᠬᠠᠢ ᠡᠷᠦᠬᠡ 》 ᠪᠠᠷ ᠲᠠᠩᠰᠠᠯᠠᠭᠤᠯᠤᠨ ᠮᠡᠳᠡᠬᠦᠯᠵᠡᠢ᠃

ᠬᠦᠯᠦᠭ ᠤᠨ ᠨᠢᠷᠦᠭᠤᠨ ᠳᠤ ᠲᠦᠷᠦᠬᠡ ᠵᠢᠬᠢᠨ ᠬᠢᠯᠢ ᠨᠤᠳᠤᠭ ᠬᠠᠳᠠᠨ ᠬᠤᠰᠢᠭᠤ ᠶᠢᠨ ᠭᠤᠤᠯ ᠢᠶᠠᠷ ᠨᠤᠳᠤᠭᠯᠠᠵᠤ᠂ ᠠᠴᠢ ᠲᠤᠰᠠ ᠶᠢ ᠠᠶᠢᠯ ᠠᠶᠢᠮᠠᠭ ᠶᠢᠨ ᠬᠢᠨ ᠳᠤ ᠪᠠᠨ ᠬᠦᠷᠳᠡᠭᠡᠵᠦ ᠠᠵᠢᠯᠴᠢ ᠬᠦᠳᠡᠯᠮᠤᠷᠢ ᠪᠠᠷ ᠢᠶᠠᠨ ᠴᠢᠨᠡᠭᠡᠯᠢᠭ ᠠᠮᠢᠳᠤᠷᠠᠯ ᠪᠠᠨ ᠴᠤᠭᠴᠠᠯᠠᠵᠤ ᠪᠠᠶᠢᠭ᠎ᠠ ᠪᠦᠬᠡᠪᠠᠭᠠᠳᠤᠷ ᠤᠨ ᠭᠡᠷ ᠪᠦᠯᠢ ᠳᠤ ᠠᠵᠠ ᠵᠢᠷᠭᠠᠯ ᠬᠦᠰᠡᠭᠡᠳ ᠨᠡᠪᠳᠡᠷᠡᠭᠦᠯᠬᠡ ᠪᠠᠨ ᠦᠨᠳᠦᠷᠯᠡᠭᠦᠯᠦᠶ᠎ᠡ᠃

8a334c70-6d6c-445a-9115-eeee9e10d26f.jpg

ᠢᠷᠡᠯᠳᠡ : 

 ᠲᠦᠪ ᠲᠸ᠋ᠯᠸᠢᠰ ᠦᠨ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ