《ᠠᠵᠢᠯ ᠶᠡᠬᠡᠳᠡᠢ ᠠᠴᠠ ᠪᠤᠯᠵᠤ᠂ ᠲᠤᠯᠤᠭᠠᠢ ᠲᠦᠷᠦᠬᠦᠦ ᠳᠦᠢᠷᠡᠵᠦ᠂ ᠮᠠᠰᠢ ᠶᠠᠳᠠᠷᠠᠭ᠎ᠠ ᠲᠠᠢ ᠪᠠᠶᠢᠨ᠎ᠠ᠂ ᠭᠠᠷ ᠤᠳᠠᠰᠤ‌‍ᠪᠡᠷ ᠵᠢᠭᠠᠬᠠᠨ ᠲᠣᠭᠯᠠᠭᠠᠳ ᠶᠠᠳᠠᠷᠠᠭ᠎ᠠ ᠪᠠᠨ ᠲᠠᠶᠢᠯᠤᠶ᠎ᠠ》ᠭᠡᠵᠦ ᠶᠠᠳᠠᠷᠠᠭᠰᠠᠨ ᠦᠶ᠎ᠡ ᠳᠤ ᠤᠯᠠᠩᠬᠢ ᠬᠦᠮᠦᠰ ᠭᠠᠷ ᠤᠲᠠᠰᠤ ᠪᠠᠨ‌ᠦᠵᠡᠳᠡᠭ᠂ ᠡᠬᠦᠨ ᠳᠤ ᠵᠠᠷᠢᠮ ᠨᠢ ᠸᠢᠴᠠᠲ ᠤᠨ ᠨᠠᠶᠢᠵᠠ ᠶᠢᠨ ᠲᠤᠭᠤᠷᠢᠭ ᠢᠶᠠᠨ ᠦᠵᠡᠵᠦ᠂ ᠵᠠᠷᠢᠮ ᠨᠢ  ᠰᠦᠯᠵᠢᠶᠠᠨ  ᠲᠡᠭᠡᠷ᠎ᠡ‌‍ᠪᠠᠷᠠᠭ᠎ᠠ ᠲᠠᠸᠠᠷ ᠬᠤᠳᠠᠯᠳᠤᠨ ᠠᠪᠴᠦ᠂ ᠪᠠᠰᠠ ᠵᠠᠷᠢᠮ ᠨᠢ ᠲᠤᠭᠯᠠᠭᠠᠮ ᠨᠠᠭᠠᠳᠴᠤ ᠲᠠᠷᠢᠬᠢ ᠪᠠᠨ ᠠᠮᠠᠷᠠᠭᠤᠯᠳᠠᠭ᠃ ᠭᠡᠳᠡᠯ᠎ᠡ ᠰᠡᠭᠦᠯ‌‍ᠥᠨ ᠦᠶ᠎ᠡ ᠶᠢᠨ ᠰᠤᠳᠤᠯᠭᠠᠨ ᠤ ᠳ᠋ᠦᠩ ᠠᠴᠠ ᠦᠵᠡᠪᠡᠯ᠂ ᠦᠷ᠎ᠡ ᠳ᠋ᠦᠩ ᠨᠢ ᠡᠭᠦᠨ ᠲᠠᠢ ᠶᠠᠭ ᠡᠰᠡᠷᠬᠦ ᠶᠤᠮ᠃

ᠠᠳᠠᠯᠢ ᠪᠤᠰᠤ ᠵᠠᠭᠤᠴᠢᠯᠠᠭᠤᠷ ᠢ ᠠᠰᠢᠭᠯᠠᠵᠤ ᠪᠡᠶ᠎ᠡ ᠰᠡᠳᠬᠢᠯ ᠢᠶᠠᠨ ᠠᠮᠠᠷᠠᠭᠤᠯᠬᠤ  ᠲᠤᠬᠠᠢ  ᠥᠨᠥᠬᠡᠨ  ᠨᠡᠶᠢᠲᠡᠯᠡᠭᠰᠡᠨ‌ᠨᠢᠭᠡᠨ ᠥᠭᠦᠯᠡᠯ ᠳᠤ ᠲᠡᠮᠳᠡᠭᠯᠡᠬᠦ ᠳᠡᠭᠡᠨ᠂ ᠭᠠᠷ  ᠤᠳᠠᠰᠤ  ᠪᠠᠷ  ᠲᠣᠭᠯᠠᠬᠤ  ᠪᠠᠷ  ᠳᠠᠮᠵᠢᠵᠤ᠂  ᠠᠮᠠᠷᠠᠵᠤ  ᠠᠵᠢᠯᠯᠠᠬᠤ  ᠪᠠᠨ‌ᠵᠣᠬᠢᠴᠠᠭᠤᠯᠬᠤ ᠨᠢ ᠰᠡᠳᠬᠢᠴᠡ ᠶᠢᠨ ᠲᠠᠨᠢᠨ ᠮᠡᠳᠡᠷᠡᠬᠦᠢ ᠶᠢᠨ ᠲᠠᠷᠤᠯᠳᠠ ᠶᠢ ᠨᠡᠮᠡᠭᠳᠡᠭᠦᠯᠬᠦ ᠠᠴᠠ ᠪᠢᠰᠢ ᠬᠠᠷᠢᠨ ᠪᠡᠶ᠎ᠡ ᠰᠡᠳᠬᠢᠯ ᠢ‌‍ᠲ᠋ᠠᠶᠢᠪᠤᠰᠢᠷᠠᠭᠤᠯᠵᠤ ᠴᠢᠳᠠᠬᠤ ᠦᠭᠡᠢ ᠶᠤᠮ᠃ ᠦᠭᠡᠷ᠎ᠡ ᠪᠠᠷ ᠬᠡᠯᠡᠪᠡᠯ᠂ ᠠᠵᠢᠯ ᠢᠶᠠᠨ ᠰᠠᠶᠢᠨ ᠬᠢᠶ᠎ᠡ ᠭᠡᠪᠡᠯ ᠬᠠᠮᠤᠭ  ᠤᠨ  ᠰᠠᠶᠢᠨ‌ᠨᠢ ᠠᠮᠠᠷᠠᠬᠤ ᠦᠶ᠎ᠡ ᠳᠡᠭᠡᠨ ᠭᠠᠷ ᠤᠲᠠᠰᠤ ᠪᠠᠷ ᠨᠠᠭᠠᠳᠬᠤ ᠦᠭᠡᠢ ᠪᠠᠶᠢᠪᠠᠯ ᠵᠤᠬᠢᠨ᠎ᠠ ᠭᠡᠵᠡᠢ᠃ 

ᠡᠨᠡᠬᠦ ᠰᠤᠳᠤᠯᠭᠠᠨ ᠤ ᠳ᠋ᠦᠩ ᠢ ᠶᠠᠭᠠᠬᠢᠵᠤ ᠤᠯᠤᠭᠰᠠᠨ ᠪᠤᠢ  ᠭᠡᠪᠡᠯ᠂  ᠬᠠᠮᠢᠶᠠᠲᠠᠢ  ᠰᠤᠳᠤᠯᠤᠭᠠᠴᠢ  ᠠᠴᠠ  400ᠭᠠᠷᠤᠢ ᠤᠶᠤᠳᠠᠨ ᠢ ᠳᠥᠷᠪᠡᠨ ᠲᠤᠭᠤᠶᠢᠯᠠᠩ ᠬᠤᠪᠢᠶᠠᠵᠤ᠂ ᠣᠨᠢᠰᠤᠭ᠎ᠠ ᠲᠠᠭᠠᠵᠤ ᠤᠷᠤᠯᠳᠤᠬᠤ ᠲᠤᠷᠰᠢᠯᠳᠠ ᠬᠢᠭᠰᠡᠨ ᠪᠠᠶᠢᠨ᠎ᠠ᠃ᠡᠨᠡ ᠲᠤᠷᠰᠢᠯᠲᠠ ᠪᠠᠨ ᠬᠤᠶᠠᠷ ᠬᠡᠰᠡᠭ ᠬᠤᠪᠢᠶᠠᠨ ᠶᠠᠪᠤᠭᠳᠠᠭᠤᠯᠵᠠᠢ᠂ ᠡᠬᠦᠨ ᠳᠤ ᠭᠤᠷᠪᠠᠨ ᠲᠤᠭᠤᠶᠢᠯᠠᠩ ᠤᠨ ᠣᠶᠤᠲᠠᠳ ᠨᠢᠭᠡ‌‍ᠬᠡᠰᠡᠭ ᠡᠬᠦᠷᠭᠡ ᠪᠠᠨ ᠬᠦᠢᠴᠡᠳᠭᠡᠭᠰᠡᠨ ᠤ ᠲᠠᠷᠠᠭ᠎ᠠ ᠲᠤᠮᠳᠠ ᠨᠢ ᠠᠮᠠᠷᠠᠵᠤ ᠠᠪᠤᠭᠠᠳ  ᠦᠷᠬᠦᠯᠵᠢᠯᠡᠨ  ᠠᠵᠢᠯᠯᠠᠨ᠎ᠠ᠂  ᠠᠮᠠᠷᠠᠬᠤ‌ᠦᠶ᠎ᠡ ᠳᠤ ᠭᠠᠷ ᠤᠳᠠᠰᠤ ᠪᠠᠷ ᠨᠠᠭᠠᠳᠴᠦ ᠪᠤᠯᠤᠨ᠎ᠠ︔ ᠨᠦᠬᠦᠭᠡ ᠨᠢᠭᠡ ᠲᠤᠭᠤᠶᠢᠯᠠᠩ ᠤᠨ ᠤᠶᠤᠳᠠᠳ ᠲᠤᠮᠳᠠ  ᠨᠢ  ᠠᠮᠠᠷᠠᠬᠤ‌ ᠦᠭᠡᠢ ᠪᠠᠷ ᠨᠢᠭᠡ ᠯᠡ ᠳᠡᠭᠡᠷ᠎ᠡ ᠡᠬᠦᠷᠭᠡ ᠪᠠᠨ ᠭᠦᠢᠴᠡᠳᠬᠡᠨ᠎ᠡ᠃

ᠡᠴᠦᠰ ᠤᠨ ᠳ᠋ᠦᠩ ᠳᠤ ᠠᠮᠠᠷᠠᠬᠤ ᠦᠶ᠎ᠡ ᠳᠡᠭᠡᠨ ᠭᠠᠷ ᠤᠳᠠᠰᠤ ᠨᠠᠭᠠᠳᠤᠭᠰᠠᠨ  ᠲᠤᠭᠤᠶᠢᠯᠠᠩ  ᠨᠢ  ᠰᠡᠬᠦᠯᠴᠢ  ᠵᠢᠨ‌ᠡᠬᠦᠷᠭᠡ ᠶᠢ ᠭᠦᠢᠴᠡᠳᠬᠡᠬᠦ ᠳᠡᠭᠡᠨ ᠨᠡᠩ ᠤᠷᠲᠦ ᠴᠠᠭ ᠵᠠᠷᠤᠴᠠᠭᠤᠯᠤᠭᠰᠠᠨ ᠪᠦᠭᠡᠳ ᠠᠮᠵᠢᠯᠳᠠ ᠳᠤ ᠬᠦᠷᠦᠭᠰᠡᠨ ᠨᠤᠷᠮ᠎ᠠ ᠨᠢ  ᠴᠦ‌ᠮᠠᠰᠢ  ᠲᠤᠤᠷ᠎ᠠ  ᠪᠠᠶᠢᠵᠠᠢ᠃  ᠲᠠᠷᠤᠢ  ᠠᠮᠤᠰᠬᠢᠬᠦ  ᠦᠶ᠎ᠡ  ᠳᠤ  ᠭᠠᠷ  ᠤᠳᠠᠰᠤ  ᠪᠠᠷ  ᠲᠤᠭᠯᠠᠵᠤ  ᠪᠡᠶ᠎ᠡ  ᠰᠡᠳᠬᠢᠯ  ᠵᠶ᠋ᠡᠨ‌‍ᠲ᠋ᠠᠶᠢᠪᠤᠰᠢᠷᠠᠭᠤᠯᠤᠨ᠂ ᠲᠠᠷᠢᠬᠢ ᠲᠤᠯᠤᠭᠠᠢ ᠪᠠᠨ ᠰᠡᠷᠭᠦᠭᠡᠵᠦ᠂ ᠦᠯᠡᠳᠡᠭᠰᠡᠨ ᠡᠭᠦᠷᠭᠡ ᠪᠠᠨ  ᠨᠡᠩ  ᠰᠠᠶᠢᠨ  ᠪᠡᠶᠡᠯᠡᠬᠦᠯᠬᠦ  ᠬᠡᠰᠡᠨ‌‍ᠪᠤᠯᠪᠠᠴᠦ ᠠᠮᠠᠷᠠᠭᠰᠠᠨ ᠦᠭᠡᠢ ᠵᠠᠯᠭ᠎ᠠ ᠪᠠᠷ ᠠᠵᠢᠯᠯᠠᠭᠰᠠᠨ ᠨᠥᠭᠦᠭᠡ ᠨᠢᠭᠡ ᠲᠤᠭᠤᠶᠢᠯᠠᠩ ᠲᠠᠢ ᠶᠠᠮᠠᠷ ᠴᠦ ᠢᠯᠭᠠᠭ᠎ᠠ  ᠭᠠᠷᠤᠭᠰᠠᠨ‌ᠦᠭᠡᠢ᠃ ᠭᠡᠳᠡᠷᠭᠦ ᠪᠠᠨ ᠬᠠᠷᠢᠨ ᠶᠡᠭᠡ ᠲᠠᠷᠢᠬᠢᠨ ᠤ ᠲᠠᠨᠢᠨ ᠮᠡᠳᠡᠷᠡᠬᠦᠢ ᠳᠤ ᠰᠥᠷᠭᠡᠦ ᠨᠦᠯᠦᠭᠡ ᠠᠪᠴᠢᠷᠠᠭᠰᠠᠨ ᠶᠤᠮ ᠪᠠᠶᠢᠨ᠎ᠠ᠃        ᠰᠤᠳᠤᠯᠤᠭᠠᠴᠢᠳ ᠤᠨ ᠦᠵᠡᠬᠦ ᠪᠠᠷ᠂ ᠪᠢᠳᠠ ᠰᠡᠳᠬᠢᠴᠡ ᠶᠢᠨ  ᠴᠢᠳᠠᠪᠬᠢ  ᠳᠤ  ᠰᠥᠷᠭᠡᠦ  ᠨᠥᠯᠥᠭᠡ  ᠦᠵᠡᠭᠦᠯᠬᠦ‍‌ ᠣᠶᠤᠨᠯᠢᠭ ᠭᠠᠷ ᠤᠳᠠᠰᠤᠨ ᠤ ᠦᠢᠯᠡᠳᠦᠯ ᠢ ᠤᠮᠳᠤᠭᠠᠶᠢᠯᠠᠵᠤ᠂ ᠬᠠᠷᠢᠨ ᠶᠡᠭᠡ ᠲᠠᠷᠢᠬᠢᠨ ᠤ ᠠᠰᠠᠭᠤᠳᠠᠯ  ᠢ  ᠰᠢᠢᠳᠪᠦᠷᠢᠯᠡᠬᠦ ᠴᠢᠳᠠᠪᠬᠢ ᠶᠢ ᠬᠡᠲᠦᠷᠬᠡᠢ ᠦᠨᠲᠦᠷ ᠦᠨᠡᠯᠡᠵᠦ᠂ ᠪᠤᠷᠤᠭᠤ ᠣᠶᠢᠯᠠᠭᠠᠯᠲᠠ ᠲᠠᠢ ᠪᠣᠯᠣᠭᠰᠠᠨ ᠪᠠᠶᠢᠨ᠎ᠠ᠃ 

ᠲᠡᠶᠢᠮᠦ ᠠᠴᠠ ᠶᠠᠳᠠᠷᠠᠭᠰᠠᠨ ᠦᠶᠡᠰ ᠭᠠᠷ ᠤᠳᠠᠰᠤ ᠪᠠᠷ ᠨᠠᠭᠠᠳᠴᠦ ᠪᠡᠶ᠎ᠡ ᠰᠡᠳᠬᠢᠯ ᠢᠶᠠᠨ ᠲᠠᠶᠢᠪᠤᠰᠢᠷᠠᠭᠤᠯᠬᠤ ᠭᠡᠰᠡᠨ‌‍ᠪᠤᠳᠤᠯ ᠢᠶᠠᠨ ᠲᠡᠪᠴᠢᠭᠡᠷᠡᠢ᠂ ᠬᠦᠮᠦᠰ ᠡ︕


ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ