12d55014-af2a-4b6e-92f1-6b225b24a5ab.jpg

11 ᠳ᠋ᠦ᠋ᠭᠡᠷ ᠰᠠᠷ᠎ᠠ ᠶᠢᠨ 9 ᠤ ᠡᠳᠦᠷ 39 ᠳ᠋ᠦ᠋ᠭᠡᠷ ᠬᠤᠭᠤᠴᠠᠭᠠᠨ ᠤ  ᠪᠡᠭᠡᠵᠢᠩ ᠤᠨ  ᠮᠤᠩᠭᠤᠯ ᠨᠠᠭᠠᠳᠤᠮ ᠪᠣᠯᠵᠤᠭ᠎ᠠ ᠶᠣᠰᠣᠭᠠᠷ  ᠬᠥᠷ  ᠨᠠᠶᠢᠷ  ᠲᠠᠢ  ᠪᠤᠯᠤᠯ᠎ᠠ᠂ ᠪᠦᠬᠦ  ᠤᠯᠤᠰ ᠤᠨ  ᠡᠯ᠎ᠡ  ᠭᠠᠵᠠᠷ  ᠣᠷᠣᠨ ᠤ  ᠮᠣᠩᠭᠤᠯ ᠤᠭᠰᠠᠭᠠᠲᠠᠨ ᠨᠤᠭᠤᠳ ᠠᠯᠲᠠᠨ ᠰᠢᠷᠭᠠᠯ ᠥᠩᠭᠡ ᠪᠠᠷ ᠬᠤᠴᠢᠭᠳᠠᠭᠰᠠᠨ ᠪᠡᠭᠡᠵᠢᠩ ᠬᠤᠲᠠ ᠶᠢᠨ ᠲᠥᠪ ᠤᠨ  ᠦᠨᠳᠦᠰᠦᠲᠡᠨ ᠤ ᠶᠡᠭᠡ ᠰᠤᠷᠭᠠᠭᠤᠯᠢ ᠶᠢᠨ ᠬᠦᠷᠢᠶᠡᠨ ᠳᠤ ᠬᠤᠷᠠᠨ ᠴᠤᠬᠯᠠᠷᠠᠵᠦ᠂ ᠨᠠᠯᠠᠭᠠᠷ ᠰᠠᠶᠢᠬᠠᠨ ᠨᠠᠭᠠᠳᠤᠮ ᠴᠡᠩᠭᠡᠭᠦᠨ ᠪᠣᠯᠣᠭᠰᠠᠨ  ᠪᠠᠶᠢᠨ᠎ᠠ᠃ ᠡᠬᠡ ᠤᠯᠤᠰ ᠤᠨ ᠨᠠᠢᠮᠠᠨ ᠵᠣᠪᠬᠢᠰ ᠠᠴᠠ ᠢᠷᠡᠭᠰᠡᠨ ᠲᠠᠯ᠎ᠠ ᠨᠤᠲᠤᠭ ᠤᠨ ᠬᠦᠮᠦᠰ ᠮᠤᠩᠭᠤᠯ ᠢᠶᠠᠷ ᠢᠶᠠᠨ  ᠭᠤᠶᠤᠵᠤ᠂ ᠳᠠᠭᠤᠯᠠᠨ ᠪᠥᠵᠢᠭᠯᠡᠵᠦ᠂  ᠡᠯᠪᠡᠭ  ᠪᠠᠶᠠᠯᠢᠭ  ᠰᠣᠶᠣᠯ  ᠪᠡᠶ᠎ᠡ ᠶᠢᠨ ᠲᠠᠮᠢᠷ ᠤᠨ  ᠠᠵᠢᠯᠯᠠᠭ᠎ᠠ ᠳᠤ   ᠣᠷᠣᠯᠴᠠᠬᠤ ᠪᠠᠷ   ᠳᠠᠮᠵᠢᠭᠤᠯᠤᠨ ᠦᠨᠳᠦᠰᠦᠲᠡᠨ ᠤ  ᠬᠠᠶᠢᠷ᠎ᠠ  ᠰᠡᠳᠬᠢᠯᠭᠡ ᠪᠠᠨ  ᠰᠣᠯᠢᠯᠴᠠᠵᠤ᠂  ᠦᠨᠳᠦᠰᠦᠲᠡᠨ ᠤ  ᠤᠯᠠᠮᠵᠢᠯᠠᠯᠲᠤ  ᠰᠣᠶᠣᠯ ᠢ   ᠤᠯᠠᠮᠵᠢᠯᠠᠨ ᠵᠠᠯᠭᠠᠮᠵᠢᠯᠠᠵᠤ᠂  ᠦᠨᠳᠦᠰᠦᠲᠡᠨ ᠨᠦᠭᠦᠳ ᠤᠨ  ᠶᠠᠪᠤᠯᠴᠠᠭ᠎ᠠ   ᠰᠣᠯᠢᠯᠴᠠᠭᠠᠨ ᠤ  《ᠰᠣᠶᠣᠯ ᠤᠨ   ᠶᠡᠭᠡ   ᠠᠭᠤᠰᠤᠯᠴᠠᠯ᠂ ᠦᠨᠳᠦᠰᠦᠲᠡᠨ ᠤ ᠶᠡᠭᠡ ᠪᠦᠯᠬᠦᠮᠳᠡᠯ》 ᠤᠨ ᠰᠢᠨ᠎ᠡ ᠴᠠᠭ ᠦᠶ᠎ᠡ ᠶᠢ ᠬᠠᠮᠲᠤ ᠪᠠᠷ ᠡᠳ᠋ᠯᠡᠵᠡᠢ᠃

ᠲᠤᠰ ᠤᠳᠠᠭᠠᠨ ᠤ ᠨᠠᠭᠠᠳᠤᠮ ᠢ ᠪᠡᠭᠡᠵᠢᠩ ᠳᠠᠬᠢ ᠮᠣᠩᠭᠤᠯᠴᠤᠳ ᠤᠨ  ᠨᠠᠭᠠᠳᠤᠮ ᠢ ᠵᠣᠬᠢᠶᠠᠨ  ᠪᠠᠶᠢᠭᠤᠯᠬᠤ  ᠺᠣᠮᠢᠰ ᠭᠤᠣᠯᠯᠠ ᠡᠷᠬᠢᠯᠡᠵᠦ᠂ ᠪᠡᠭᠡᠵᠢᠩ ᠤᠨ ᠰᠢ ᠯᠧ  ᠨᠢᠶᠠᠨ  ᠬᠤᠸᠠ  ᠣᠯᠠᠨ  ᠤᠯᠤᠰ ᠤᠨ  ᠰᠣᠶᠣᠯ  ᠤᠷᠠᠯᠢᠭ ᠤᠨ ᠬᠢᠵᠠᠭᠠᠷᠲᠤ ᠺᠣᠮᠫᠠᠨᠢ᠂ ᠰᠦᠯᠳᠡ (ᠪᠡᠭᠡᠵᠢᠩ) ᠲᠠᠮᠢᠷ ᠤᠨ  ᠰᠤᠶᠤᠯ ᠤᠨ  ᠬᠢᠵᠠᠭᠠᠷᠲᠤ   ᠺᠣᠮᠫᠠᠨᠢ ᠠᠴᠠ   ᠳᠠᠭᠠᠭᠠᠴᠢᠯᠠᠨ   ᠡᠷᠬᠢᠯᠡᠵᠦ᠂ ᠡᠬᠢᠯᠡᠯᠲᠡ ᠶᠢᠨ  ᠶᠣᠰᠣᠯᠠᠯ ᠳᠤ  ᠮᠢᠩᠭ᠎ᠠ  ᠭᠠᠷᠤᠢ  ᠬᠦᠮᠦᠨ ᠢᠶᠠᠷ  ᠪᠦᠷᠢᠯᠳᠦᠭᠰᠡᠨ  ᠬᠤᠷᠢ  ᠭᠠᠷᠤᠢ  ᠵᠢᠭᠰᠠᠭᠠᠯ ᠤᠨ  ᠡᠩᠨᠡᠭᠡ ᠲᠠᠯᠠᠪᠠᠢ ᠳᠤ ᠣᠷᠣᠬᠤ ᠶᠢᠨ ᠬᠠᠮᠲᠤ ᠤᠯᠤᠰ ᠤᠨ ᠲᠤᠭ ᠮᠠᠨᠳᠤᠭᠤᠯᠬᠤ ᠲᠥᠪ ᠴᠢᠩᠭ᠎ᠠ ᠶᠣᠰᠣᠯᠠᠯ ᠶᠠᠪᠤᠭᠳᠠᠭᠤᠯᠵᠠᠢ᠃ 

ᠡᠬᠢᠯᠡᠯᠲᠡ ᠶᠢᠨ ᠶᠣᠰᠣᠯᠠᠯ ᠤᠨ ᠳᠠᠷᠠᠭ᠎ᠠ᠂ ᠭᠤᠴᠣ ᠰᠠᠶᠢᠬᠠᠨ ᠤᠷᠠᠨ  ᠰᠠᠶᠢᠬᠠᠨ ᠤ  ᠲᠣᠭᠯᠠᠯᠲᠠ  ᠪᠠᠷ  ᠨᠠᠶᠢᠷ  ᠢᠶᠠᠨ ᠴᠢᠮᠡᠵᠦ᠂ ᠵᠡᠷᠭᠡ ᠳᠤ ᠨᠢ ᠪᠥᠬᠡ ᠪᠠᠷᠢᠯᠳᠤᠬᠤ᠂  ᠰᠤᠷ  ᠬᠠᠷᠪᠤᠬᠤ᠂  ᠬᠥᠯ  ᠪᠦᠮᠪᠦᠭᠡ᠂  ᠰᠠᠭᠰᠤᠨ  ᠪᠦᠮᠪᠦᠭᠡ᠂  ᠠᠯᠠᠭᠠᠳᠠᠬᠤ ᠪᠦᠮᠪᠦᠭᠡ ᠶᠢᠨ ᠤᠷᠤᠯᠳᠤᠭᠠᠨ ᠵᠡᠷᠭᠡ ᠣᠯᠠᠨ ᠠᠭᠤᠯᠭ᠎ᠠ  ᠪᠦᠬᠦᠢ  ᠤᠷᠤᠯᠳᠤᠭᠠᠨ  ᠮᠦᠷᠦ᠋ᠢᠴᠡᠭᠡᠨ ᠢ ᠵᠣᠬᠢᠶᠠᠨ  ᠪᠠᠶᠢᠭᠤᠯᠵᠤ᠂ ᠤᠯᠤᠰ ᠤᠨ ᠳᠣᠲᠣᠭᠠᠳᠤ ᠭᠠᠳᠠᠭᠠᠳᠤ ᠶᠢᠨ ᠡᠯ᠎ᠡ ᠭᠠᠵᠠᠷ ᠣᠷᠣᠨ ᠠᠴᠠ ᠬᠦᠷᠦᠯᠴᠡᠨ ᠢᠷᠡᠭᠰᠡᠨ 2000 ᠨᠠᠭᠠᠳᠤᠮᠴᠢᠳ ᠤᠨ ᠠᠩᠬᠠᠷᠤᠯ ᠢ ᠲᠠᠲᠠᠨ ᠣᠷᠣᠯᠴᠠᠭᠤᠯᠤᠭᠰᠠᠨ ᠢᠶᠠᠷ ᠪᠠᠷᠠᠬᠤ ᠦᠭᠡᠢ᠂ ᠪᠤᠳᠠᠰ ᠤᠨ ᠪᠤᠰᠤ ᠰᠣᠶᠣᠯ ᠤᠨ ᠥᠪ ᠤᠨ  ᠦᠵᠡᠰᠬᠦᠯᠡᠩ᠂ ᠮᠣᠩᠭᠤᠯ ᠨᠣᠮ ᠪᠢᠴᠢᠭ ᠳᠠᠭᠤᠤ ᠳᠦᠷᠰᠦ  ᠰᠢᠩᠭᠡᠭᠡᠯᠲᠡ ᠶᠢᠨ  ᠪᠦᠲᠦᠭᠡᠭᠳᠡᠭᠦᠨ᠂  ᠮᠣᠩᠭᠤᠯ  ᠤᠯᠤᠰ ᠤᠨ  ᠪᠠᠷᠠᠭ᠎ᠠ  ᠲᠠᠸᠠᠷ᠂ ᠥᠪᠥᠷ  ᠮᠣᠩᠭᠤᠯ ᠤᠨ  ᠣᠨᠴᠠ  ᠭᠠᠷᠤᠯᠲᠠ  ᠵᠡᠷᠭᠡ ᠶᠢᠨ  ᠦᠵᠡᠰᠬᠦᠯᠡᠩ  ᠳᠡᠯᠭᠡᠭᠳᠡᠵᠦ  ᠨᠠᠭᠠᠳᠤᠮᠴᠢᠳ ᠤᠨ   ᠰᠡᠳᠬᠢᠯ ᠢ ᠬᠦᠭᠵᠢᠭᠡᠯ᠎ᠡ᠂ 9 ᠤ ᠦᠳᠡᠰᠢ ᠪᠠᠷ᠂ ᠳᠡᠳᠮ᠎ᠠ᠂ ᠣᠶᠤᠨᠪᠢᠯᠢᠭ᠌᠂ ᠬᠠᠯᠢᠨ᠂ ᠵᠡᠯᠮ᠎ᠡ  ᠬᠠᠷ᠎ᠠ  ᠬᠠᠮᠲᠤᠯᠢᠭ  ᠨᠠᠷ ᠢ  ᠪᠠᠭᠲᠠᠭᠠᠭᠰᠠᠨ ᠠᠯᠳᠠᠷᠲᠤ ᠤᠷᠠᠯᠢᠭᠴᠢᠳ ᠢᠷᠠᠭᠤ ᠡᠭᠡᠰᠢᠭᠯᠢᠭ ᠠᠶ᠎ᠠ ᠳᠠᠭᠤᠤ ᠪᠠᠷ ᠢᠶᠠᠨ ᠣᠯᠠᠨ ᠤ ᠰᠣᠨᠣᠷ ᠢ ᠮᠢᠯᠢᠶᠠᠵᠠᠢ᠃ ᠡᠭᠦᠨ ᠳᠤ ᠣᠨᠴᠠᠯᠠᠨ ᠳᠤᠷᠠᠳᠤᠭᠤᠰᠢᠲᠠᠢ ᠨᠢ᠂ ᠠᠯᠤᠰ ᠪᠠᠷᠠᠭᠤᠨ  ᠬᠢᠵᠠᠭᠠᠷ ᠤᠨ  ᠰᠢᠨᠵᠢᠶᠠᠩ  ᠨᠤᠲᠤᠭ ᠤᠨ  ᠠᠯᠲᠠᠢ᠂  ᠲᠠᠷᠪᠠᠭᠠᠲᠠᠢ᠂  ᠪᠣᠷᠣᠲᠠᠯ᠎ᠠ᠂ ᠪᠠᠶᠠᠨᠭᠤᠣᠯ ᠵᠡᠷᠭᠡ ᠵᠧᠦ ᠣᠷᠣᠨ ᠤ100 ᠭᠠᠷᠤᠢ ᠠᠷᠠᠳ ᠤᠨ  ᠤᠷᠠᠯᠢᠭᠴᠢᠳ  ᠨᠤᠲᠤᠭ ᠤᠨ  ᠬᠤᠪᠴᠠᠰᠤ  ᠵᠠᠰᠠᠯ ᠢᠶᠠᠷ ᠢᠶᠠᠨ ᠭᠠᠩᠭᠠᠷᠬᠠᠵᠦ᠂ ᠣᠶᠢᠷᠠᠳ ᠤᠭᠰᠠᠭᠠᠨ ᠰᠠᠪᠠᠷᠲᠠᠩ ᠪᠥᠵᠢᠭ᠂ ᠲᠣᠪᠰᠢᠭᠤᠷ ᠬᠥᠭᠵᠢᠮ᠂ ᠵᠠᠩᠭᠠᠷ ᠤᠨ  ᠲᠤᠤᠯᠢ  ᠪᠠᠷ ᠢᠶᠠᠨ  ᠶᠡᠭᠡ ᠨᠡᠶᠢᠰᠯᠡᠯ ᠤᠨ ᠲᠦᠮᠡᠨ ᠢ ᠪᠠᠶᠠᠰᠬᠠᠭᠰᠠᠨ ᠪᠢᠯᠡ᠃ 

ᠪᠡᠭᠡᠵᠢᠩ ᠤᠨ ᠨᠠᠭᠠᠳᠤᠮ ᠨᠢ 1981 ᠣᠨ ᠳᠤ ᠪᠡᠭᠡᠵᠢᠩ  ᠳᠠᠬᠢ  ᠮᠣᠩᠭᠤᠯ  ᠦᠨᠳᠦᠰᠦᠲᠡᠨ ᠤ ᠺᠠᠳ᠋ᠷ  ᠪᠠᠭᠰᠢ ᠰᠤᠷᠤᠭᠴᠢᠳ ᠠᠴᠠ ᠰᠠᠶᠢᠨ ᠳᠤᠷ᠎ᠠ ᠠᠴᠠ ᠪᠠᠨ ᠵᠣᠬᠢᠶᠠᠨ ᠪᠠᠶᠢᠭᠤᠯᠤᠨ  ᠡᠷᠬᠢᠯᠡᠭᠰᠡᠨ ᠠᠴᠠ  ᠣᠳᠣ  ᠪᠣᠯᠲᠠᠯ᠎ᠠ  ᠨᠢᠭᠡᠨᠲᠡ  38 ᠬᠤᠭᠤᠴᠠᠭ᠎ᠠ ᠪᠣᠯᠵᠤ᠂ ᠲᠠᠯ᠎ᠠ ᠶᠢᠨ ᠨᠠᠭᠠᠳᠤᠮ ᠨᠢ ᠬᠤᠲᠠ ᠳᠤ  ᠢᠷᠡᠵᠦ  30  ᠭᠠᠷᠤᠢ  ᠵᠢᠯ ᠤᠨ ᠬᠦᠭᠵᠢᠯᠲᠡ ᠪᠠᠷ  ᠳᠠᠮᠵᠢᠨ ᠨᠡᠭᠦᠳᠡᠯ ᠰᠣᠶᠣᠯ ᠤᠨ ᠥᠪᠡᠷᠮᠢᠴᠡ ᠰᠢᠳᠢ ᠶᠢ ᠳᠡᠯᠡᠬᠡᠢ ᠳ᠋ᠠᠬᠢᠨ ᠳᠤ  ᠳᠡᠯᠭᠡᠨ  ᠦᠵᠡᠭᠦᠯᠦᠭᠰᠡᠨ ᠢᠶᠠᠷ  ᠪᠠᠷᠠᠬᠤ  ᠦᠭᠡᠢ ᠣᠳᠣ ᠨᠢᠭᠡᠨᠲᠡ ᠨᠡᠶᠢᠰᠯᠡᠯ ᠤᠨ ᠦᠨᠳᠦᠰᠦᠲᠡᠨ ᠤ ᠪᠠᠶᠠᠷ ᠳᠤᠷᠠᠰᠬᠠᠯ ᠤᠨ ᠡᠳᠦᠷ ᠤᠨ ᠨᠡᠷᠡᠲᠦ ᠲᠦᠷᠦᠯ ᠲᠡᠮᠳᠡᠭᠳᠦ  ᠪᠠ ᠬᠤᠲᠠ ᠶᠢᠨ ᠰᠣᠶᠣᠯ ᠤᠨ ᠬᠦᠭᠵᠢᠯᠲᠡ ᠶᠢᠨ ᠰᠢᠨ᠎ᠡ ᠬᠡᠪ ᠵᠠᠭᠪᠤᠷ ᠪᠣᠯᠣᠭᠰᠠᠨ ᠪᠠᠶᠢᠨ᠎ᠠ᠃  

516c5214-e863-4043-9e66-ed9fcac06952.jpg

3d23bd53-a3d0-4de6-af26-cf85054eb5b1.jpg

801fc1e0-c6fd-4543-934e-591224c2041c.jpg

679bf02f-1771-49be-8989-c4bddd87dc0b.jpg

1e2dfb87-c354-451d-b921-b75053a82655.jpg

433da7f7-8bdc-485f-ab72-16432726331c.jpg

c99661a3-51fb-4b90-9a49-872acdcd7fe2.jpg

dfd37a07-be14-43ad-afa9-972d5150cc5c.jpg

c846b92c-0091-4dbb-9f8d-90e4d5744d6c.jpg

fd9c4f99-c0f6-4fe5-8000-505d4638ccc6.jpg

e2d4a353-dd6b-4c2a-b5ec-ae89b4a43612.jpg

76fdb395-db1e-4031-a2f6-b54e6e12a765.jpg

777fc416-b08d-4a3c-b60a-e08035bb7ce9.jpg

cf9eccfd-5e64-459c-b8d3-14f2b1186e91.jpg

2b6875dc-efbf-41ee-857c-14da12402f3d.jpg

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ