2019 ᠣᠨ ᠤ ᠪᠥᠬᠦ ᠤᠯᠤᠰ ᠤᠨ  ᠠᠶᠤᠯᠭᠦᠶ  ᠡᠮ  ᠬᠡᠷᠡᠭᠯᠡᠬᠦ  ᠰᠠᠷ᠎ᠠ ᠶᠢᠨ  ᠡᠬᠢᠯᠡᠯᠲᠡ ᠶᠢᠨ  ᠶᠣᠰᠣᠯᠠᠯ  ᠵᠢᠴᠢ‌‍ ᠲ᠋ᠤᠮᠳᠠᠳᠤ ᠤᠯᠤᠰ ᠤᠨ ᠡᠮ ᠲᠠᠩ ᠤᠨ ᠠᠮᠤᠷ  ᠲᠦᠪᠰᠢᠨ ᠤ  ᠶᠠᠷᠢᠶᠠᠨ  ᠤ  ᠲᠠᠪᠴᠠᠩ  10  ᠰᠠᠷ᠎ᠠ ᠶᠢᠨ  17 ᠤ  ᠡᠳᠦᠷ‌‍ ᠶᠠᠪᠤᠭᠳᠠᠪᠠ᠂ ᠲᠣᠰ ᠤᠳᠠᠭᠠᠨ ᠤ ᠠᠵᠢᠯᠯᠠᠭ᠎ᠠ ᠶᠢ ᠤᠯᠤᠰ ᠤᠨ ᠡᠮ ᠲᠠᠩ ᠤᠨ ᠬᠢᠨᠠᠯᠲᠠ  ᠬᠠᠮᠢᠶᠠᠷᠤᠯᠲᠠ ᠶᠢᠨ  ᠲᠣᠪᠴᠢᠶ᠎ᠠ ᠡᠴᠠ‌ ᠭᠤᠤᠯᠯᠠᠨ ᠡᠷᠬᠢᠯᠡᠵᠦ᠂ ᠳᠤᠮᠳᠠᠳᠤ ᠤᠯᠤᠰ ᠤᠨ ᠡᠮ ᠤᠨ  ᠰᠢᠨᠵᠢᠯᠡᠭᠡᠨ ᠤ  ᠨᠡᠶᠢᠭᠡᠮᠯᠢᠭ᠂  ᠠᠷᠠᠳ ᠤᠨ  ᠰᠦᠯᠵᠢᠶ᠎ᠡ·ᠠᠷᠠᠳ‌‍ ᠲ᠋ᠦ᠋ᠮᠡᠨ ᠤ ᠡᠷᠡᠭᠦᠯ ᠡᠩᠬᠡ ᠪᠤᠯᠤᠩ ᠤᠨ ᠬᠢᠨ ᠳᠠᠭᠠᠭᠠᠨ  ᠡᠷᠬᠢᠯᠡᠪᠡ᠃ ᠬᠤᠷᠠᠯ  ᠳᠡᠭᠡᠷ᠎ᠡ 《ᠳᠤᠮᠳᠠᠳᠤ  ᠤᠯᠤᠰ ᠤᠨ  ᠭᠡᠷ‌‍ ᠪᠦ᠋ᠯᠢ ᠶᠢᠨ ᠡᠮ ᠬᠡᠷᠡᠭᠯᠡᠬᠦ ᠭᠠᠷ ᠠᠪᠤᠯᠭ᠎ᠠ 》ᠪᠣᠯᠤᠨ 2019 ᠣᠨ ᠤ ᠣᠯᠠᠨ  ᠨᠡᠶᠢᠲᠡ ᠶᠢᠨ  ᠡᠮ  ᠬᠡᠷᠡᠭᠯᠡᠬᠦ  ᠠᠷᠪᠠᠨ  ᠶᠡᠭᠡ‌‍ ᠰᠠᠨᠠᠭᠤᠯᠤᠮᠵᠢ ᠶᠢ ᠨᠡᠶᠢᠲᠡᠯᠡᠵᠦ᠂ ᠳᠤᠮᠳᠠᠳᠤ ᠤᠯᠤᠰ ᠤᠨ ᠡᠮ ᠤᠨ ᠰᠢᠨᠵᠢᠯᠡᠭᠡᠨ ᠤ ᠨᠡᠶᠢᠭᠡᠮᠯᠢᠭ ᠤᠨ ᠲᠤᠰᠬᠠᠶ  ᠮᠡᠷᠭᠡᠵᠢᠯᠲᠡᠨ ᠡᠴᠠ‌‍ ᠭᠡᠷ ᠪᠦᠯᠢ ᠶᠢᠨ ᠡᠮ ᠤᠤᠭᠤᠬᠤ ᠲᠠᠯ᠎ᠠ ᠪᠠᠷ ᠬᠢ ᠵᠠᠷᠢᠮ ᠠᠳᠡᠭᠦᠤ ᠣᠶᠢᠯᠠᠭᠠᠯᠲᠠ ᠶᠢᠨ ᠲᠤᠬᠠᠢ ᠲᠠᠨᠢᠯᠴᠠᠭᠤᠯᠪᠠ᠃ 

ᠵᠠᠷᠢᠮ ᠭᠡᠷ ᠤᠨ ᠠᠬᠠᠮᠠᠳ ᠬᠡᠤᠬᠡᠳ ᠬᠠᠯᠠᠭᠤᠷᠠᠪᠠᠯ ᠬᠤᠪᠴᠠᠰᠤ ᠬᠤᠨᠠᠷ ᠢ ᠨᠢ  ᠵᠤᠵᠠᠭᠠᠯᠠᠵᠤ  ᠬᠥᠯᠥᠷᠡᠬᠦᠯᠬᠦ  ᠬᠡᠷᠡᠭᠲᠡᠶ‌‍ ᠬᠡᠵᠦ ᠦᠵᠡᠵᠦ ᠪᠤᠢ᠃ ᠦᠨᠡᠨᠳᠡᠭᠡᠨ  ᠬᠡᠦᠬᠡᠳ ᠤᠨ  ᠬᠠᠯᠠᠭᠤᠷᠠᠬᠤ ᠶᠢ  ᠢᠯᠭᠠᠭ᠎ᠠ ᠲᠠᠢ ᠪᠠᠷ  ᠦᠵᠡᠬᠦ  ᠬᠡᠷᠡᠭᠳᠡᠢ᠄  ᠬᠡᠤᠬᠡᠳ‌ ᠬᠠᠯᠠᠭᠤᠷᠠᠬᠤ ᠦᠶ᠎ᠡ ᠳᠤ ᠪᠡᠶ᠎ᠡ ᠶᠢᠨ ᠴᠢᠰᠦᠨ ᠡᠷᠭᠢᠯᠲᠡ ᠨᠢ ᠠᠨᠠᠢ ᠪᠤᠯᠵᠤ᠂ ᠮᠠᠩᠨᠠᠶ ᠨᠢ ᠬᠠᠯᠠᠵᠤ ᠪᠠᠶᠢᠪᠠᠴᠤ ᠭᠠᠷ ᠬᠥᠯ ᠨᠢ ᠭᠦᠪ‌‍  ᠬᠦᠢᠳᠡᠨ ᠪᠠᠶᠢᠳᠠᠭ᠂ ᠡᠨᠡ ᠦᠶ᠎ᠡ ᠳᠤ ᠵᠤᠬᠢᠰᠳᠠᠢ ᠪᠠᠷ ᠬᠤᠪᠴᠠᠰᠤ  ᠬᠤᠨᠠᠷ ᠢ ᠨᠢ  ᠵᠤᠵᠠᠭᠠᠯᠠᠬᠤ  ᠪᠤᠶᠤ  ᠬᠥᠨᠵᠢᠯᠡ  ᠬᠤᠴᠢᠵᠤ‌‍ ᠲ᠋ᠤᠯᠠᠭᠠᠯᠠᠵᠤ ᠪᠣᠯᠤᠨ᠎ᠠ᠃ ᠬᠡᠷᠪᠡ ᠬᠠᠯᠠᠭᠤᠨ ᠤ ᠬᠡᠮᠵᠢᠶ᠎ᠡ ᠨᠢ 38 ℃ ᠠᠴᠠ  ᠬᠡᠲᠦᠷᠡᠬᠦ ᠳᠤ  ᠬᠦᠷᠪᠡᠯ᠂  ᠰᠣᠬᠤᠷ  ᠪᠠᠯᠠᠶ ᠪᠠᠷ‌ ᠬᠤᠪᠴᠠᠰᠤ ᠬᠤᠨᠠᠷ ᠢ ᠨᠢ  ᠵᠤᠵᠠᠭᠠᠯᠠᠵᠤ  ᠬᠦᠯᠦᠷᠡᠬᠦᠯᠵᠦ  ᠪᠣᠯᠬᠤ  ᠦᠭᠡᠢ᠃  ᠪᠠᠭ᠎ᠠ  ᠨᠠᠰᠤᠨ ᠤ  ᠬᠡᠤᠬᠡᠳ ᠤᠨ  ᠪᠡᠶ᠎ᠡ ᠵᠢᠨ‌‍ᠲ᠋ᠤᠯᠠᠭᠠᠨ ᠢᠶᠠᠨ ᠲᠣᠬᠢᠷᠠᠭᠤᠯᠬᠤ ᠴᠢᠳᠠᠮᠵᠢ ᠨᠢ ᠨᠡᠯᠢᠶᠡᠳ ᠪᠠᠭᠤᠷᠠᠶ᠂ ᠬᠥᠯᠥᠰᠥᠨ ᠪᠤᠯᠴᠢᠷᠬᠠᠶ ᠶᠢᠨ ᠪᠤᠶᠢᠵᠢᠯᠲᠠ ᠨᠢ ᠪᠦᠷᠢᠨ ᠪᠤᠰᠤ‌‍ ᠪᠠᠶᠢᠳᠠᠭ ᠪᠤᠯᠬᠤᠷ ᠵᠤᠵᠠᠭᠠᠯᠠᠵᠤ ᠪᠢᠳᠡᠬᠦᠯᠡᠬᠦ ᠲᠤᠰᠤᠮ ᠢᠶᠠᠨ ᠤᠯᠠᠮ ᠢᠶᠠᠷ ᠬᠠᠯᠠᠭᠤᠷᠠᠵᠤ᠂ ᠪᠡᠶ᠎ᠡ ᠶᠢᠨ  ᠬᠠᠯᠠᠭᠤᠨ ᠨᠢ  ᠪᠠᠭᠤᠷᠠᠬᠤ‌ ᠦᠭᠡᠢ ᠮᠦᠷᠳᠡᠭᠡᠨ ᠲᠡᠭᠡᠭᠰᠢᠯᠡᠵᠦ᠂ ᠠᠮᠢᠰᠬᠤᠯ ᠨᠢ ᠴᠢᠬᠤᠯᠳᠠᠵᠤ᠂ ᠶᠡᠬᠡᠪᠡᠷ ᠬᠠᠯᠠᠭᠤᠷᠠᠨ  ᠲᠠᠳᠠᠪᠠᠯᠵᠠᠬᠤ  ᠪᠤᠶᠤ  ᠴᠢᠨᠠᠭᠰᠢᠯᠠᠪᠠᠯ‌ ᠮᠠᠨᠠᠷᠠᠬᠤ ᠵᠡᠷᠭᠡ ᠠᠶᠤᠯ ᠭᠠᠷᠴᠤ ᠮᠡᠳᠡᠨ᠎ᠡ᠃ ᠪᠠᠶᠢᠡᠭᠭᠤ ᠬᠡᠷᠡᠭᠯᠡᠳᠡᠭ ᠬᠠᠯᠠᠭᠤᠨ ᠢ  ᠪᠠᠭᠤᠷᠠᠭᠤᠯᠬᠤ  ᠡᠮ ᠳᠤ  ᠪᠷᠦᠹᠸᠡ  ᠪᠣᠯᠤᠨ‌ ᠡᠰᠡᠷᠭᠦ ᠠᠼᠤᠲ᠋ᠢᠯᠹᠤᠨᠤᠯ ᠪᠤᠢ᠂ ᠡᠳᠡᠭᠡᠷ ᠡᠮ ᠢ ᠬᠤᠯᠢᠵᠤ ᠤᠤᠭᠤᠵᠤ ᠪᠣᠯᠬᠤ ᠦᠭᠡᠢ᠂ ᠡᠳᠦᠷ ᠲᠤ 4 ᠤᠳᠠᠭ᠎ᠠ ᠠᠴᠠ  ᠢᠯᠡᠬᠦᠦ‌ᠤᠤᠭᠤᠵᠤ ᠪᠣᠯᠬᠤ ᠦᠭᠡᠢ᠃ 

ᠶᠠᠰᠤᠨ ᠤ ᠡᠳ᠋ ᠰᠡᠶᠢᠷᠡᠭᠵᠢᠬᠦ ᠭᠡᠮ  ᠪᠣᠯ  ᠨᠢᠭᠡ  ᠵᠦᠢᠯ ᠤᠨ  ᠦᠷᠭᠦᠯᠵᠢ  ᠲᠣᠬᠢᠶᠠᠯᠳᠤᠳᠠᠭ  ᠡᠷᠡᠭᠦᠯ  ᠮᠡᠨᠳᠦ  ᠳ᠋ᠤ᠋‌ᠬᠤᠯᠪᠤᠬᠳᠠᠬᠤ ᠠᠰᠠᠭᠤᠳᠠᠯ ᠪᠣᠯᠤᠨ᠎ᠠ᠂ ᠣᠯᠠᠩᠬᠢ ᠬᠥᠮᠦᠰ ᠶᠠᠰᠤᠨ ᠤ ᠡᠳ᠋ ᠰᠡᠶᠢᠷᠡᠭᠵᠢᠬᠦ ᠳᠤ ᠬᠦᠷᠪᠡᠯ  ᠺᠠᠯᠼ  ᠨᠥᠬᠦᠪᠥᠷᠢᠯᠡᠪᠡᠯ‌‍ ᠲ᠋ᠠᠷᠤᠶ ᠰᠠᠶᠢᠵᠢᠷᠠᠴᠢᠬᠠᠨ᠎ᠠ ᠭᠡᠵᠦ ᠦᠵᠡᠵᠦ ᠪᠤᠢ᠃ ᠦᠨᠡᠨᠳᠡᠭᠡᠨ ᠶᠠᠰᠤᠨ ᠤ ᠡᠳ᠋ ᠰᠡᠶᠢᠷᠡᠭᠵᠢᠭᠰᠡᠨ ᠢᠶᠠᠨ ᠮᠡᠳᠡᠭᠰᠡᠨ ᠤ  ᠲᠠᠷᠠᠭ᠎ᠠ᠂ᠶᠠᠰᠤᠨ ᠤ ᠰᠤᠯᠢᠬᠳᠠᠯ ᠤᠨ ᠨᠤᠷᠮ᠎ᠠ ᠵᠢᠱᠢᠶᠡᠯᠡᠪᠡᠯ ᠴᠢᠰᠤᠨ ᠤ ᠺᠠᠯᠼ᠂ ᠰᠢᠭᠡᠰᠦᠨ ᠤ ᠺᠠᠯᠼ᠂ ᠴᠢᠰᠤᠨ ᠤ  ᠹᠣᠰᠹᠣᠷ  ᠵᠡᠷᠭᠡ ᠪᠠᠨ‌‍ ᠪᠠᠶᠢᠴᠠᠭᠠᠯᠭᠠᠬᠤ ᠬᠡᠷᠡᠭᠳᠡᠢ᠂ ᠡᠳᠡᠭᠡᠷ ᠪᠠᠶᠢᠴᠠᠭᠠᠯᠲᠠ ᠶᠢ ᠬᠢᠯᠭᠡᠬᠦ ᠪᠠᠷ  ᠳᠠᠮᠵᠢᠨ  ᠡᠪᠡᠳᠴᠢᠨ ᠤ  ᠰᠢᠯᠳᠠᠭᠠᠨ ᠢ  ᠡᠷᠢᠵᠦ  ᠤᠯᠵᠤ‌‍ ᠪᠣᠯᠤᠨ᠎ᠠ᠃ ᠠᠳᠠᠯᠢ ᠪᠤᠰᠤ ᠲᠥᠷᠥᠯ ᠤᠨ ᠶᠠᠰᠤᠨ ᠤ ᠡᠳ᠋ ᠰᠡᠶᠢᠷᠡᠭᠵᠢᠬᠦ ᠭᠡᠮ ᠢ ᠡᠮᠨᠡᠨ ᠵᠠᠰᠠᠬᠤ ᠠᠷᠭ᠎ᠠ  ᠪᠠᠷᠢᠯ  ᠠᠳᠠᠯᠢ  ᠦᠭᠡᠢ‌‍ ᠪᠠᠶᠢᠳᠠᠭ᠃ ᠰᠢᠮ᠎ᠡ ᠲᠡᠵᠢᠭᠡᠯ ᠲᠤᠳᠠᠬᠳᠠᠬᠰᠠᠨ ᠠᠴᠠ ᠪᠤᠯᠤᠬᠰᠠᠨ ᠶᠠᠰᠤᠨ ᠤ ᠡᠳ᠋ ᠰᠡᠶᠢᠷᠡᠭᠵᠢᠬᠦ ᠭᠡᠮ ᠳᠤ ᠺᠠᠯᠼ ᠨᠥᠬᠦᠪᠥᠷᠢᠯᠡᠪᠡᠯ‌ ᠵᠣᠬᠢᠬᠤ ᠦᠢᠯᠡᠳᠦᠯ ᠦᠵᠡᠬᠦᠯᠳᠡᠭ᠃ ᠬᠡᠳᠡᠯ᠎ᠡ ᠥᠪᠡᠷ ᠤᠨ ᠦᠨᠳᠦᠰᠦᠲᠦ ᠶᠠᠰᠤᠨ ᠤ ᠡᠳ᠋ ᠰᠡᠶᠢᠷᠡᠭᠵᠢᠬᠦ ᠬᠡᠮ ᠢ ᠪᠤᠯ ᠡᠮᠴᠢ ᠵᠢᠨ‌ ᠵᠢᠯᠣᠭᠤᠳᠤᠯᠭ᠎ᠠ ᠳᠣᠤᠷ᠎ᠠ ᠡᠮᠨᠡᠬᠦᠯᠦᠨ ᠵᠠᠰᠠᠭᠤᠯᠬᠤ ᠬᠡᠷᠡᠭᠲᠡᠶ᠂ ᠰᠣᠬᠤᠷ ᠪᠠᠯᠠᠶ ᠪᠠᠷ ᠺᠠᠯᠼ ᠨᠥᠬᠦᠪᠥᠷᠢᠯᠡᠬᠦ ᠨᠢ ᠶᠠᠮᠠᠷᠴᠤ ᠦᠢᠯᠡᠳᠦᠯ‌ ᠦᠭᠡᠢ ᠶᠤᠮ᠃

ᠵᠠᠷᠢᠮ ᠨᠠᠰᠤᠲᠠᠶᠢᠴᠤᠳ ᠦᠷᠭᠦᠯᠵᠢ ᠣᠯᠠᠨ  ᠡᠪᠡᠳᠴᠢᠨ ᠳᠤ  ᠨᠡᠷᠪᠡᠭᠳᠡᠵᠦ᠂  ᠲᠡᠳᠡᠭᠡᠷ ᠡᠪᠡᠳᠴᠢᠨ ᠳᠡᠭᠡᠨ ᠣᠯᠠᠨ‌ᠵᠦ᠋ᠢᠯ ᠤᠨ ᠡᠮ ᠢ ᠬᠤᠯᠢᠵᠦ ᠤᠤᠭᠤᠵᠤ ᠪᠠᠶᠢᠳᠠᠭ᠂ ᠪᠠᠰᠠ ᠵᠠᠷᠢᠮ ᠨᠢ ᠤᠷᠲᠤ ᠬᠤᠭᠤᠴᠠᠭ᠎ᠠ ᠪᠠᠷ ᠵᠦᠪᠭᠡᠨ ᠡᠮ  ᠤᠤᠭᠤᠭᠠᠳ‌‍ ᠲ᠋ᠠᠬᠢᠵᠤ ᠪᠠᠶᠢᠴᠠᠭᠠᠯᠳᠠ ᠬᠢᠯᠭᠡᠳᠡᠭ ᠥᠬᠡᠶ᠂ ᠡᠨᠡ ᠪᠣᠯ ᠴᠥᠮ ᠠᠳᠡᠬᠦᠦ ᠤᠶᠢᠯᠠᠭᠠᠯᠳᠠ ᠪᠤᠯᠬᠤ ᠶᠤᠮ᠃ ᠣᠯᠠᠨ ᠵᠦᠢᠯ ᠤᠨ ᠡᠮ ᠢ‌ᠬᠤᠯᠢᠵᠤ ᠤᠤᠭᠤᠪᠠᠯ ᠡᠮ ᠤᠨ ᠡᠮᠴᠢᠯᠡᠭᠡᠨ ᠤ ᠦᠢᠯᠡᠳᠦᠯ ᠴᠢᠳᠠᠯ ᠢ  ᠪᠠᠭᠤᠷᠠᠭᠤᠯᠵᠤ᠂  ᠬᠤᠣᠷᠲᠤ  ᠴᠢᠨᠠᠷ ᠢ ᠨᠡᠮᠡᠭᠳᠡᠭᠦᠯᠵᠦ᠂ ᠴᠢᠨᠠᠭᠰᠢᠯᠠᠪᠠᠯ ᠬᠦᠨᠳᠦ ᠨᠣᠴᠢᠲᠠᠢ ᠭᠠᠵᠢᠭᠤ ᠲᠤᠰᠬᠠᠯ ᠡᠭᠦᠰᠭᠡᠵᠦ ᠮᠡᠳᠡᠨ᠎ᠡ᠃ ᠨᠠᠰᠤᠳᠠᠶᠢᠴᠤᠳ ᠬᠠᠮᠤᠭ ᠰᠠᠶᠢᠨ ᠨᠢ  ᠤᠤᠭᠤᠬᠤ‌ ᠡᠮ ᠤᠨ ᠢᠶᠠᠨ ᠨᠡᠷ᠎ᠡ᠂ ᠬᠡᠷᠡᠭᠯᠡᠬᠦ ᠠᠷᠭ᠎ᠠ ᠤᠤᠭᠤᠬᠤ ᠬᠡᠮᠵᠢᠶ᠎ᠡ᠂ ᠤᠤᠭᠤᠬᠤ  ᠴᠠᠭ  ᠵᠡᠷᠭᠡ ᠶᠢ  ᠨᠢᠭᠡᠳ  ᠨᠢᠭᠡ ᠪᠠᠷ  ᠲᠡᠮᠳᠡᠭᠯᠡᠨ‌‍ ᠲ᠋ᠠᠯᠪᠢᠪᠠᠯ  ᠵᠤᠬᠢᠨ᠎ᠠ᠃ ᠢᠡᠭᠭᠢᠬᠦ ᠨᠢ ᠢᠯᠡᠭᠦᠤ  ᠤᠤᠭᠤᠬᠤ᠂  ᠡᠮ ᠢᠶᠠᠨ  ᠤᠤᠭᠤᠬᠤ ᠪᠠᠨ   ᠮᠠᠷᠳᠠᠬᠤ᠂  ᠪᠤᠷᠤᠭᠤ   ᠡᠮ‌ ᠤᠤᠭᠤᠬᠤ ᠠᠴᠠ ᠵᠠᠶᠢᠯᠠᠰᠬᠢᠵᠦ ᠴᠢᠳᠠᠬᠤ ᠪᠦᠭᠡᠳ ᠪᠠᠰᠠ ᠠᠳᠠᠯᠢ ᠪᠤᠰᠤ ᠰᠠᠯᠠᠭ᠎ᠠ ᠳᠠᠰᠤᠭ ᠲᠤ ᠬᠦᠷᠴᠦ ᠡᠮᠴᠢᠯᠡᠭᠦᠯᠬᠦ ᠦᠶ᠎ᠡ ᠳ᠋ᠤ᠋‌ᠤᠤᠭᠤᠬᠰᠠᠨ ᠡᠮ ᠤᠨ ᠢᠶᠠᠨ ᠲᠡᠮᠳᠡᠭᠯᠡᠯ ᠢ  ᠡᠮᠴᠢ ᠳᠤ  ᠭᠠᠷᠭᠠᠨ  ᠦᠵᠡᠭᠦᠯᠪᠡᠯ  ᠡᠮ  ᠲᠤᠬᠢᠷᠠᠭᠤᠯᠤᠨ  ᠦᠭᠭᠦ ᠳᠤ  ᠳᠥᠭᠦᠮ‌‍ᠪᠣᠯᠳᠠᠭ᠃ ᠤᠳᠠᠭᠠᠨ ᠡᠳᠦᠷ ᠢᠶᠠᠷ ᠡᠮ ᠤᠤᠭᠤᠵᠤ ᠪᠠᠶᠢᠬᠤ ᠡᠪᠡᠳᠴᠢᠳᠠᠨ ᠡᠮᠴᠢ ᠶᠢᠨ ᠵᠠᠬᠢᠶ᠎ᠠ ᠶᠢ ᠬᠦᠨᠳᠦᠳᠭᠡᠨ ᠲᠣᠭᠲᠠᠭᠰᠠᠨ‌ ᠬᠤᠭᠤᠴᠠᠭᠠᠨ ᠳᠤ ᠳᠠᠬᠢᠨ ᠪᠠᠶᠢᠴᠠᠭᠠᠯᠲᠠ  ᠬᠢᠯᠭᠡᠬᠦ  ᠬᠡᠷᠡᠭᠲᠡᠶ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ