ᠰᠢᠷᠭᠠᠯ ᠨᠠᠮᠤᠷ ᠤᠨ ᠡᠯᠪᠡᠭ ᠬᠡᠰᠢᠭ ᠢ ᠬᠤᠷᠦ᠋ᠢᠯᠠᠨ ᠤᠳᠠᠨᠳᠠᠯ᠎ᠠ ᠶᠢᠨ ᠪᠠᠳᠤᠴᠠᠭᠠᠨ ᠬᠤᠷᠴᠠ ᠤᠯᠠᠭᠠᠨ ᠦᠡᠭᠭᠡ ᠪᠠᠷ ᠭᠤᠶᠤᠯᠠᠵᠤ᠂ ᠵᠢᠩᠬᠢᠨᠡᠨ ᠵᠢᠭᠡᠭᠦᠴᠡᠭᠦᠯᠬᠦ ᠤᠯᠠᠷᠢᠯ ᠤᠨ ᠬᠠᠷᠢᠭᠤ ᠳᠤ ᠨᠢᠭᠡᠨ ᠬᠤᠪᠢ ᠤᠷᠢ ᠳᠤᠯᠠᠭᠠᠨ᠂ ᠪᠡᠶᠠᠷ ᠪᠠᠭ᠋ᠠᠳᠤᠯᠳᠤ ᠠᠭᠤᠷ ᠠᠮᠢᠰᠬᠤᠯ ᠢ ᠠᠪᠴᠢᠷᠠᠨ᠎ᠠ᠃ ᠲᠦᠩᠯᠢᠶᠤᠤ ᠬᠤᠲᠠ ᠶᠢᠨ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠤᠳᠠᠨᠳᠠᠯ᠎ᠠ ᠤᠢ ᠰᠢᠭᠤᠢ ᠶᠢᠨ ᠴᠡᠴᠡᠷᠯᠢᠭ ᠲᠤ ᠶᠠᠪᠤᠬᠲᠠᠬᠰᠠᠨ 2019 ᠤᠨ ᠤ ᠳᠥᠷᠪᠡᠳᠥᠭᠡᠷ ᠬᠤᠭᠤᠴᠠᠭᠠᠨ ᠤ ᠳᠤᠮᠳᠠᠳᠤ ᠤᠯᠤᠰ · ᠤᠳᠠᠨᠳᠠᠯ᠎ᠠ ᠶᠢᠨ ᠪᠠᠳᠤᠴᠠᠭᠠᠨ ᠤ ᠨᠠᠶᠢᠷ ᠤᠨ ᠡᠬᠢᠯᠡᠯᠲᠠ ᠶᠢᠨ ᠶᠤᠰᠤᠯᠠᠯ ᠤᠨ ᠮᠤᠷᠢᠨ ᠬᠤᠭᠤᠷ ᠤᠨ ᠨᠠᠶᠢᠷᠠᠯ ᠬᠥᠭᠵᠢᠮ᠂ ᠠᠷᠠᠳ ᠤᠨ ᠳᠠᠭᠤᠤ ᠶᠢᠨ ᠴᠥᠷᠭᠦᠯᠡᠭᠡ᠂ ᠬᠡᠤᠬᠡᠳ ᠤᠨ ᠪᠥᠵᠢᠭ ᠵᠡᠷᠭᠡ ᠲᠤᠬᠯᠠᠯᠲᠠ ᠨᠢ ᠬᠥᠮᠥᠰ ᠤᠨ ᠤᠷᠮ᠎ᠠ ᠶᠢ ᠬᠥᠭᠵᠢᠭᠡᠵᠤ ᠪᠠᠶᠢᠬᠰᠠᠨ ᠪᠤᠯ ᠤᠷᠤᠰ᠂ ᠮᠤᠩᠭᠤᠯ ᠵᠡᠷᠭᠡ ᠤᠯᠤᠰ ᠠᠴᠠ ᠬᠦᠷᠤᠯᠴᠠᠨ ᠢᠷᠡᠭᠰᠡᠨ ᠤᠯᠠᠨ ᠤᠯᠤᠰ ᠤᠨ ᠮᠤᠳᠧᠯᠴᠤᠳ ᠤᠨ ᠥᠨᠳᠥᠰᠥᠲᠠᠨ ᠤ ᠬᠤᠪᠴᠠᠰᠤ ᠵᠠᠰᠠᠯ ᠤᠨ ᠥᠵᠡᠭᠦᠯᠭᠡ ᠨᠢ ᠨᠠᠶᠢᠷ ᠢ ᠤᠷᠬᠢᠯ ᠳᠡᠶᠢᠰᠢ ᠬᠥᠳᠥᠯᠵᠤ᠂ ᠠᠬᠤᠢ ᠲᠠᠯᠠᠪᠠᠢ ᠶᠢᠨ ᠬᠥᠮᠥᠰ ᠲᠤ ᠭᠤᠴᠥ ᠰᠠᠶᠢᠬᠠᠨ ᠤᠷᠠᠯᠢᠬ ᠤᠨ ᠬᠥᠷᠳᠡᠭᠡᠯ᠂ ᠤᠶᠤᠨ ᠤ ᠬᠥᠨᠡᠰᠥ ᠬᠠᠩᠭᠠᠯ᠎ᠠ᠃ ᠨᠠᠶᠢᠷ ᠤᠨ ᠠᠬᠤᠢ ᠲᠠᠯᠠᠪᠠᠢ ᠳᠤ 6 ᠮᠤᠩᠭᠤᠯ ᠭᠡᠷ ᠤᠨ ᠥᠵᠡᠭᠦᠯᠭᠡ ᠶᠢᠨ ᠲᠢᠩᠬᠢᠮ ᠲᠤᠬᠢᠷᠠᠭᠤᠯᠵᠤ᠂ ᠪᠤᠳᠠᠰ ᠤᠨ ᠪᠤᠰᠤ ᠰᠤᠶᠤᠯ ᠤᠨ ᠥᠪ ᠤᠨ ᠥᠵᠡᠭᠦᠯᠭᠡ ᠡᠷᠬᠢᠯᠡᠭᠰᠡᠨ ᠪᠤᠯ ᠴᠡᠴᠡᠷᠯᠢᠭ ᠤᠨ ᠵᠥᠷᠢᠭ ᠵᠠᠮ ᠤᠨ ᠬᠠᠵᠠᠭᠤ ᠪᠠᠷ ᠠᠷᠠᠳ ᠤᠨ ᠤᠷᠠᠯᠢᠬᠴᠢᠳ ᠤᠨ ᠲᠤᠬᠯᠠᠯᠲᠠ᠂ ᠤᠷᠠᠨ ᠪᠢᠴᠢᠯᠭᠡ ᠶᠢᠨ ᠥᠵᠡᠭᠦᠯᠭᠡ ᠵᠡᠷᠭᠡ ᠶᠢ ᠲᠤᠬᠢᠷᠠᠭᠤᠯᠵᠤ᠂ ᠪᠠᠰᠠ ᠤᠪᠤᠭᠠᠨ ᠳᠠᠬᠢᠯᠭ᠎ᠠ᠂ ᠨᠤᠲᠤᠬ ᠤᠨ ᠭᠠᠷᠤᠯᠳᠠ ᠶᠢᠨ ᠳᠡᠯᠭᠡᠨ ᠪᠤᠷᠤᠯᠠᠭᠤᠯᠭ᠎ᠠ ᠵᠡᠷᠭᠡ ᠶᠢ ᠡᠷᠬᠢᠯᠡᠵᠤ᠂ ᠲᠤᠰ ᠬᠤᠰᠢᠭᠤᠨ ᠤ ᠭᠥᠨ ᠵᠤᠵᠠᠭᠠᠨ ᠰᠤᠶᠤᠯ ᠤᠨ ᠠᠭᠤᠯᠤᠬᠳᠠᠬᠤᠨ ᠢ ᠬᠠᠷᠠᠭᠤᠯᠤᠬᠰᠠᠨ ᠪᠠᠶᠢᠨ᠎ᠠ᠃
ᠡᠬᠢᠯᠡᠯᠲᠠ ᠶᠢᠨ ᠶᠤᠰᠤᠯᠠᠯ ᠳᠤ ᠤᠷᠤᠯᠴᠠᠬᠰᠠᠨ ᠵᠢᠭᠤᠯᠴᠢᠯᠠᠬᠰᠠᠳ ᠵᠥᠷᠢᠭ ᠵᠠᠮ ᠢᠶᠠᠷ ᠠᠯᠬᠤᠬᠤ ᠳᠠᠭᠠᠨ ᠵᠠᠮ ᠤᠨ ᠬᠠᠵᠠᠭᠤ ᠳᠠᠬᠢ ᠬᠤᠷᠴᠠ ᠤᠯᠠᠭᠠᠨ ᠦᠡᠭᠭᠡ ᠲᠠᠢ ᠪᠠᠳᠤᠴᠠᠭᠠᠨ ᠤ ᠨᠠᠪᠴᠢᠨ ᠳᠤ ᠳᠠᠳᠠᠬᠳᠠᠨ᠂ ᠪᠠᠶᠢᠨ ᠳᠠᠬᠢᠨ ᠵᠤᠬᠰᠤᠵᠤ ᠬᠠᠮᠤᠬ ᠭᠤᠶᠤ ᠳᠡᠷᠡ ᠭᠦ ᠬᠤᠷᠤᠮ ᠢ ᠰᠡᠭᠦᠳᠡᠷᠯᠨᠨ ᠥᠯᠡᠳᠡᠭᠡᠨ᠎ᠡ᠃ ᠵᠠᠷᠢᠮᠡᠳ ᠨᠢ ᠮᠠᠩᠬᠠᠨ ᠤᠷᠤᠢ ᠳᠤ ᠪᠠᠶᠢᠭᠤᠯᠤᠬᠰᠠᠨ ᠭᠤᠷᠪᠠᠨ ᠳᠡᠭᠳᠡᠷ ᠤᠨ ᠥᠵᠡᠮᠵᠢ ᠰᠤᠨᠢᠷᠬᠠᠬᠤ ᠥᠨᠳᠥᠷ ᠳᠠᠬᠳᠤ ᠳᠤ ᠠᠪᠠᠷᠢᠨ ᠭᠠᠷᠴᠥ᠂ ᠶᠢᠰᠤᠨ ᠦᠩᠬᠡ ᠪᠠᠷ ᠰᠤᠯᠤᠩᠭᠠᠷᠠᠬᠤ ᠪᠥᠬᠦ ᠴᠡᠴᠡᠷᠯᠢᠭ ᠤᠨ ᠥᠵᠡᠮᠵᠢ ᠶᠢ ᠬᠠᠷᠠᠭᠠᠳ ᠥᠪᠡᠷ ᠤᠨ ᠡᠷᠭᠡ ᠥᠭᠡᠢ ᠳᠠᠭᠤ ᠠᠯᠳᠠᠨ ᠱᠠᠬᠰᠢᠵᠠᠭᠠᠨᠠ᠃
ᠪᠠᠳᠤᠴᠠᠭᠠᠨ ᠤ ᠨᠠᠶᠢᠷ ᠢ ᠶᠠᠷᠢᠬᠤ ᠳᠤ ᠤᠳᠠᠨᠳᠠᠯ᠎ᠠ ᠤᠢ ᠰᠢᠭᠤᠢ ᠶᠢᠨ ᠴᠡᠴᠡᠷᠯᠢᠭ ᠢ ᠶᠡᠷᠢᠬᠤ ᠶᠤᠰᠤᠲᠠᠢ᠃ ᠬᠤᠷᠴᠢᠨ ᠤ ᠡᠯᠡᠰᠥᠨ ᠤ ᠥᠷᠥᠴᠡᠨ ᠳᠤ ᠪᠠᠶᠢᠷᠢᠯᠠᠭ᠎ᠠ ᠤᠳᠠᠨᠳᠠᠯ ᠠ ᠤᠢ ᠰᠢᠭᠤᠢ ᠶᠢᠨ ᠴᠡᠴᠡᠷᠯᠢᠭ ᠨᠢ ᠭᠤᠤᠯᠳᠠᠭᠤ ᠪᠠᠳᠤᠴᠠᠭᠠᠨ ᠮᠤᠳᠤ ᠪᠠᠷ ᠭᠤᠤᠯᠯᠠᠵᠤ᠂ ᠪᠠᠳᠤᠴᠠᠭᠠᠨ ᠮᠤᠳᠤᠨ ᠤ ᠥᠰᠴᠥ ᠤᠷᠭᠤᠬᠰᠠᠨ ᠤᠨ ᠵᠢᠯ ᠨᠢ 50 ᠠᠴᠠ 500 ᠵᠢᠯ ᠤᠨ ᠬᠤᠭᠤᠷᠤᠨᠳᠤ᠂ ᠬᠡᠰᠡᠭ ᠪᠠᠳᠤᠴᠠᠭᠠᠨ ᠮᠤᠳᠤ ᠨᠢ 500 ᠵᠢᠯ ᠠᠴᠠ ᠳᠡᠭᠡᠭᠰᠢ ᠳᠤ ᠬᠥᠷᠴᠥ᠂ ᠤᠩᠭᠤᠨ ᠪᠠᠶᠢᠭᠠᠯᠢ ᠶᠢᠨ ᠤᠤᠯ ᠳᠥᠷᠬᠦ ᠪᠠᠷ ᠢᠶᠠᠨ ᠨᠤᠲᠤᠬ ᠤᠰᠤ ᠪᠠᠨ ᠬᠠᠮᠠᠭᠠᠯᠠᠵᠤ ᠭᠤᠶᠤᠯᠠᠵᠤ ᠢᠷᠡᠵᠠᠢ᠃ ᠪᠠᠳᠤᠴᠠᠭᠠᠨ ᠮᠤᠳᠤᠨ ᠤ ᠥᠷ᠎ᠡ ᠨᠢ ᠬᠦᠷᠲᠡᠯ᠎ᠡ ᠲᠤᠬᠠᠢ ᠶᠢᠨ ᠭᠠᠵᠠᠷ ᠤᠨ ᠠᠷᠠᠳ ᠲᠤ ᠠᠰᠢᠬ ᠤᠷᠤᠯᠭ᠎ᠠ ᠡᠭᠦᠳᠤᠨ᠂ ᠨᠤᠲᠤᠬ ᠤᠨ ᠠᠷᠠᠳ ᠤᠨ ᠬᠠᠮᠤᠬ ᠬᠠᠶᠢᠷᠠᠯᠠᠵᠤ ᠪᠠᠭ᠋ᠠᠷᠬᠠᠲᠠᠭ ᠮᠤᠳᠤ ᠪᠤᠯᠤᠬᠰᠠᠨ ᠪᠠᠶᠢᠯ᠎ᠠ᠃ ᠲᠡᠷᠡ ᠨᠢ ᠬᠢᠩᠭᠠᠨ ᠤ ᠪᠠᠳᠤᠴᠠᠭᠠᠨ ᠠᠴᠠ ᠤᠷᠤᠢ ᠤᠯᠠᠶᠢᠵᠤ᠂ ᠰᠢᠶᠠᠩᠱᠠᠨ ᠴᠡᠴᠡᠷᠯᠢᠭ ᠤᠨ ᠪᠠᠳᠤᠴᠠᠭᠠᠨ ᠠᠴᠠ ᠡᠷᠳᠡ ᠤᠯᠠᠶᠢᠳᠠᠬ ᠢᠶᠠᠷ ᠢᠶᠠᠨ ᠬᠤᠯᠠ ᠥᠢᠷ᠎ᠡ ᠶᠢᠨ ᠵᠢᠭᠤᠯᠴᠢᠯᠠᠬᠰᠠᠳ ᠤᠨ ᠠᠩᠬᠠᠷᠤᠯ ᠢ ᠳᠠᠳᠠᠵᠤ᠂ 2016 ᠤᠨ ᠳᠤ ᠡᠭᠦᠳᠡ ᠪᠠᠨ ᠰᠡᠭᠦᠭᠰᠡᠨ ᠠᠴᠠ ᠨᠠᠰᠢ ᠬᠤᠷᠴᠢᠨ ᠵᠡᠭᠦᠨ ᠭᠠᠷᠤᠨ ᠬᠤᠶᠢᠳᠤ ᠬᠤᠰᠢᠭᠤ᠂ ᠳᠡᠷᠡᠴᠢᠯᠡᠨ ᠲᠥᠩᠯᠢᠶᠤᠤ ᠬᠤᠲᠠ ᠶᠢᠨ ᠭᠤᠤᠯ ᠥᠵᠡᠮᠵᠢ ᠶᠢᠨ ᠤᠷᠤᠨ ᠤ ᠨᠢᠭᠡ ᠪᠤᠯᠤᠬᠰᠠᠨ ᠪᠠᠶᠢᠨ᠎ᠠ᠃
ᠢᠷᠡᠯᠳᠡ :
ᠦᠪᠦᠷ ᠮᠤᠩᠭᠤᠯ ᠤᠨ ᠡᠳᠦᠷ ᠦᠨ ᠰᠤᠨᠢᠨ
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ