ᠳᠤᠮᠳᠠᠳᠤ ᠤᠯᠤᠰ ᠤᠨ ᠰᠠᠬᠰᠤᠨ ᠪᠦᠮᠪᠦᠭᠡ ᠶᠢᠨ ᠨᠡᠶᠢᠭᠡᠮᠯᠢᠭ᠌ ᠤᠨ 31 ᠤ ᠡᠳᠦᠷ ᠤᠨ ᠮᠡᠳᠡᠭᠡ ᠵᠢ ᠦᠨᠳᠦᠰᠦᠯᠡᠪᠡᠯ᠂ ᠭᠤᠸᠠᠩᠳ᠋ᠦ᠋ᠩ ᠤᠨ ᠡᠷᠡᠭᠲᠡᠢ ᠶᠢᠨ ᠰᠠᠬᠰᠤᠨ ᠪᠦᠮᠪᠦᠭᠡ ᠶᠢᠨ ᠭᠤᠤᠯ ᠳᠠᠰᠬᠠᠯᠵᠢᠭᠤᠯᠤᠬᠴᠢ ᠳ᠋ᠦ᠋ ᠹᠸᠩ ᠳᠤᠮᠳᠠᠳᠤ ᠤᠯᠤᠰ ᠤᠨ ᠰᠠᠬᠰᠤᠨ ᠪᠦᠮᠪᠦᠭᠡ ᠶᠢᠨ ᠭᠤᠤᠯ ᠳᠠᠰᠬᠠᠯᠵᠢᠭᠤᠯᠤᠬᠴᠢ ᠶᠢᠨ ᠲᠤᠰᠢᠶᠠᠯ ᠢ ᠡᠭᠦᠷᠭᠡᠯᠡᠬᠦ ᠪᠡᠷ ᠪᠤᠢ᠃

ᠳ᠋ᠦ᠋ ᠹᠸᠩ 2017 ᠤᠨ ᠡᠴᠡ 2018 ᠤᠨ ᠤ ᠬᠤᠭᠤᠷᠤᠨᠳᠤ ᠳᠤᠮᠳᠠᠳᠤ ᠤᠯᠤᠰ ᠤᠨ ᠡᠷᠡᠭᠲᠡᠢ ᠶᠢᠨ ᠰᠠᠬᠰᠤᠨ ᠪᠦᠮᠪᠦᠭᠡ ᠶᠢᠨ ᠲᠦᠪᠯᠡᠷᠡᠭᠦᠯᠦᠨ ᠳᠠᠰᠬᠠᠯᠵᠢᠭᠤᠯᠬᠤ ᠬᠦᠬᠡ ᠪᠠᠬ ᠤᠨ ᠭᠤᠤᠯ ᠳᠠᠰᠬᠠᠯᠵᠢᠭᠤᠯᠤᠬᠴᠢ ᠪᠠᠶᠢᠬᠰᠠᠨ ᠬᠤᠭᠤᠴᠠᠭᠠᠨ ᠳᠠᠭᠠᠨ ᠪᠠᠬ ᠤᠨ ᠬᠢᠨ ᠢᠶᠡᠨ ᠳᠠᠭᠠᠭᠤᠯᠤᠨ ᠠᠽᠢᠶ᠎ᠠ ᠶᠢᠨ ᠴᠤᠮᠤ᠂ ᠳᠡᠯᠡᠬᠡᠢ ᠶᠢᠨ ᠴᠤᠮᠤ ᠶᠢᠨ ᠰᠢᠭᠰᠢᠭᠡ ᠲᠡᠮᠡᠴᠡᠭᠡᠨ ᠵᠡᠷᠭᠡ ᠤᠯᠠᠨ ᠤᠯᠤᠰ ᠤᠨ ᠲᠡᠮᠡᠴᠡᠭᠡᠨ ᠨᠤᠭᠦᠳ ᠢᠶᠡᠷ ᠤᠷᠤᠯᠴᠠᠵᠦ ᠦᠩᠭᠡᠷᠡᠪᠡ᠃ 2013 ᠤᠨ ᠳᠤ ᠳ᠋ᠦ᠋ ᠹᠸᠩ ᠭᠤᠸᠠᠩᠳ᠋ᠦ᠋ᠩ ᠤᠨ ᠬᠤᠩ ᠶᠤᠸᠠᠨ ᠡᠷᠡᠭᠲᠡᠢ ᠶᠢᠨ ᠰᠠᠬᠰᠤᠨ ᠪᠦᠮᠪᠦᠭᠡ ᠶᠢᠨ ᠭᠤᠤᠯ ᠳᠠᠰᠬᠠᠯᠵᠢᠭᠤᠯᠤᠬᠴᠢ ᠪᠡᠷ ᠠᠵᠢᠯᠯᠠᠵᠦ᠂ 2012-2013 ᠤᠨ ᠤ ᠲᠡᠮᠡᠴᠡᠭᠡᠨ ᠪᠤᠯᠤᠨ 2018-2019 ᠤᠨ ᠤ ᠲᠡᠮᠡᠴᠡᠭᠡᠨ ᠤ CBA ᠤ᠋ᠨ ᠯᠢᠭ᠌ ᠤᠨ ᠲᠡᠡᠮᠴᠡᠭᠡᠨ ᠳᠤ ᠲᠡᠷᠢᠭᠦᠯᠡᠨ᠂ 2018-2019 ᠤᠨ ᠤ ᠲᠡᠮᠡᠴᠡᠭᠡᠨ ᠤ ᠬᠠᠮᠤᠬ ᠤᠨ ᠰᠢᠯᠢᠳᠡᠭ ᠳᠠᠰᠬᠠᠯᠵᠢᠭᠤᠯᠤᠬᠴᠢ ᠶᠢᠨ ᠢᠷᠠᠭᠤ ᠠᠯᠳᠠᠷ ᠢ ᠬᠦᠷᠲᠡᠵᠡᠢ᠃

ᠰᠠᠭᠰᠤᠨ ᠪᠦᠮᠪᠦᠭᠡ ᠶᠢᠨ ᠨᠡᠶᠢᠭᠡᠮᠯᠢᠭ᠌ ᠤᠨ ᠢᠯᠡᠷᠬᠡᠶᠢᠯᠡᠬᠦ ᠪᠡᠷ 《ᠳ᠋ᠦ᠋ ᠹᠸᠩ ᠳᠤᠮᠳᠠᠳᠤ ᠤᠯᠤᠰ ᠤᠨ ᠰᠠᠬᠰᠤᠨ ᠪᠦᠮᠪᠦᠭᠡ ᠶᠢᠨ ᠪᠠᠬ ᠬᠦᠴᠢᠷ ᠪᠡᠷᠬᠡᠰᠢᠶᠡᠯ ᠲᠠᠢ ᠪᠠᠶᠢᠭ᠎ᠠ ᠡᠨᠡ ᠦᠶ᠎ᠡ ᠳᠤ ᠵᠤᠷᠢᠬᠳᠠᠢ ᠪᠡᠷ ᠬᠦᠨᠳᠦ ᠡᠭᠦᠷᠭᠡ ᠵᠢ ᠡᠭᠦᠷᠭᠡᠯᠡᠭᠰᠡᠨ ᠳᠤ ᠲᠠᠯᠠᠷᠬᠠᠵᠦ ᠪᠠᠶᠢᠨ᠎ᠠ᠃ ᠤᠯᠤᠰ ᠤᠨ ᠰᠠᠬᠰᠤᠨ ᠪᠦᠮᠪᠦᠭᠡ ᠶᠢᠨ ᠪᠠᠬ ᠪᠤᠯᠤᠨ ᠭᠤᠸᠠᠩᠳ᠋ᠦ᠋ᠩ ᠤᠨ ᠬᠤᠩ ᠶᠤᠸᠠᠨ ᠪᠠᠬ ᠤᠨ ᠭᠤᠤᠯ ᠳᠠᠰᠬᠠᠯᠵᠢᠭᠤᠯᠤᠬᠴᠢ ᠶᠢᠨ ᠡᠭᠦᠷᠭᠡ ᠵᠢ ᠵᠡᠷᠭᠡᠪᠡᠷ ᠡᠭᠦᠷᠭᠡᠯᠡᠬᠦ ᠨᠢ ᠲᠡᠭᠦᠨ ᠳᠤ ᠠᠪᠴᠦ ᠬᠡᠯᠡᠪᠡᠯ ᠨᠢᠭᠡ ᠬᠡᠴᠡᠭᠦᠦ ᠦᠷᠢᠰᠦᠯᠳᠦᠭᠡᠨ ᠪᠠᠶᠢᠭ᠎ᠠ᠃ ᠲᠡᠷᠡᠪᠡᠷ ᠡᠭᠦᠨ ᠢ ᠰᠠᠶᠢᠬᠠᠨ ᠵᠤᠬᠢᠴᠠᠭᠤᠯᠵᠦ ᠴᠢᠳᠠᠨ᠎ᠠ ᠬᠡᠳᠡᠭ ᠲᠤ ᠢᠲᠡᠭᠡᠵᠦ ᠪᠤᠢ᠃ ᠭᠤᠸᠠᠩᠳ᠋ᠦ᠋ᠩ ᠤᠨ ᠬᠤᠩ ᠶᠤᠸᠠᠨ ᠡᠷᠡᠭᠲᠡᠢ ᠶᠢᠨ ᠰᠠᠬᠰᠤᠨ ᠪᠦᠮᠪᠦᠭᠡ ᠶᠢᠨ ᠪᠠᠬ ᠤᠨ ᠳᠤᠮᠳᠠᠳᠤ ᠤᠯᠤᠰ ᠤᠨ ᠡᠷᠡᠭᠲᠡᠢ ᠶᠢᠨ ᠰᠠᠬᠰᠤᠨ ᠪᠦᠮᠪᠦᠭᠡ ᠶᠢᠨ ᠪᠠᠬ ᠲᠦ ᠦᠵᠡᠭᠦᠯᠦᠭᠰᠡᠨ ᠳᠡᠮᠵᠢᠯᠭᠡ ᠳᠤ ᠲᠠᠯᠠᠷᠬᠠᠯ᠎ᠠ》ᠭᠡᠰᠡᠨ ᠤ ᠬᠠᠮᠲᠤ 《ᠡᠭᠦᠨ ᠤ ᠵᠡᠷᠭᠡᠪᠡᠷ ᠯᠢ ᠨᠠᠨ ᠤ ᠳᠤᠮᠳᠠᠳᠤ ᠤᠯᠤᠰ ᠤᠨ ᠡᠷᠡᠭᠲᠡᠢ ᠶᠢᠨ ᠰᠠᠬᠰᠤᠨ ᠪᠦᠮᠪᠦᠭᠡ ᠶᠢᠨ ᠪᠠᠬ ᠤᠨ ᠭᠤᠤᠯ ᠳᠠᠰᠬᠠᠯᠵᠢᠭᠤᠯᠤᠬᠴᠢ ᠶᠢᠨ ᠠᠵᠢᠯ ᠤᠨ ᠪᠠᠶᠢᠷᠢᠨ ᠳᠠᠭᠠᠨ ᠦᠵᠡᠭᠦᠯᠦᠭᠰᠡᠨ ᠵᠢᠳᠬᠦᠯ ᠬᠢᠭᠡᠳ ᠬᠤᠪᠢ ᠨᠡᠮᠡᠷᠢ ᠳᠤ ᠪᠠᠶᠠᠷᠯᠠᠯ᠎ᠠ᠂ ᠳᠤᠮᠳᠠᠳᠤ ᠤᠯᠤᠰ ᠤᠨ ᠰᠠᠬᠰᠤᠨ ᠪᠦᠮᠪᠦᠭᠡ ᠶᠢᠨ ᠨᠡᠶᠢᠭᠡᠮᠯᠢᠭ᠌ ᠡᠴᠡ ᠲᠡᠭᠦᠨ ᠳᠤ ᠦᠷᠭᠦᠯᠵᠢᠯᠡᠨ ᠰᠤᠷᠤᠯᠴᠠᠬᠤ ᠲᠤᠬᠢᠶᠠᠯ ᠤᠯᠭᠤᠨ᠎ᠠ᠂ ᠢᠷᠡᠭᠡᠳᠦᠢ ᠳᠤ ᠲᠡᠭᠦᠨ ᠤ ᠳᠤᠮᠳᠠᠳᠤ ᠤᠯᠤᠰ ᠤᠨ ᠰᠠᠬᠰᠤᠨ ᠪᠦᠮᠪᠦᠭᠡ ᠶᠢᠨ ᠦᠢᠯᠡᠰ ᠲᠤ ᠰᠢᠨ᠎᠎ᠡ ᠬᠤᠪᠢ ᠨᠡᠮᠡᠷᠢ ᠦᠵᠡᠭᠦᠯᠬᠦ ᠵᠢ ᠬᠦᠰᠡᠵᠦ ᠪᠤᠢ》ᠬᠡᠮᠡᠨ ᠳᠤᠮᠳᠠᠳᠤ ᠶᠢᠨ ᠪᠠᠬ ᠢ ᠳᠠᠭᠠᠭᠤᠯᠤᠨ ᠳᠡᠯᠡᠬᠡᠢ ᠶᠢᠨ ᠴᠤᠮᠤ ᠳᠤ ᠦᠷᠢᠰᠦᠯᠳᠦᠭᠰᠡᠨ ᠯᠢ ᠨᠠᠨ ᠳᠠᠰᠬᠠᠯᠵᠢᠭᠤᠯᠤᠬᠴᠢ ᠶᠢᠨ ᠲᠤᠬᠠᠢ ᠡᠶᠢᠨᠬᠦ ᠢᠯᠡᠷᠬᠡᠶᠢᠯᠡᠵᠡᠢ᠃


ᠢᠷᠡᠯᠳᠡ : 

ᠰᠢᠨᠬᠤᠸᠠ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ