10 ᠰᠠᠷ᠎ᠠ ᠶᠢᠨ 26 ᠤ ᠡᠳᠦᠷ᠂ ᠡᠷᠡᠭᠳᠡᠢ ᠶᠢᠨ 87 ᠺᠢᠯᠤᠭ᠍ᠷᠠᠮ ᠡᠴᠡ ᠳᠤᠷᠤᠭᠰᠢᠬᠢ ᠬᠦᠨᠳᠦ ᠶᠢᠨ ᠵᠢᠩ ᠤᠨ ᠳᠠᠶᠢᠺᠦᠨᠳᠣ᠋ ᠶᠢᠨ ᠤᠷᠤᠯᠳᠤᠭᠠᠨ ᠦᠨᠳᠦᠷᠯᠡᠬᠦ ᠶᠢ ᠳᠠᠭᠠᠯᠳᠤᠨ ᠦᠪᠦᠷ ᠮᠤᠩᠭᠤᠯ ᠡᠴᠡ ᠡᠨᠡ ᠬᠦ ᠳᠠᠮᠢᠷ ᠤᠨ ᠴᠢᠭᠤᠯᠭᠠᠨ ᠳᠤ ᠤᠷᠤᠯᠴᠠᠭᠰᠠᠨ ᠳᠠᠮᠢᠷᠴᠢᠳ ᠤᠨ ᠪᠦᠬᠦ ᠤᠷᠤᠯᠳᠤᠭᠠᠨ ᠤ ᠳᠦᠷᠦᠯ ᠳᠠᠭᠤᠰᠪᠠ᠃ ᠡᠬᠦᠨ ᠳᠤ ᠳᠡᠳᠡᠨᠡᠷ 3 ᠠᠯᠳᠠ᠂ 1 ᠮᠦᠩᠬᠦ᠂ 1 ᠳᠠᠪᠤᠳᠤᠭᠠᠷ ᠨᠡᠷᠡᠰ ᠲᠤ ᠵᠢᠬᠰᠠᠭᠰᠠᠨ ᠰᠢᠯᠢᠳᠡᠭ ᠠᠮᠵᠢᠯᠳᠠ ᠶᠢ ᠡᠬᠦᠳᠴᠠᠢ᠃

ᠡᠨᠡ ᠴᠢᠭᠤᠯᠭᠠᠨ ᠢᠶᠡᠷ ᠦᠪᠦᠷ ᠮᠤᠩᠭᠤᠯ ᠤᠨ ᠳᠠᠮᠢᠷᠴᠢᠨ ᠰᠢᠤᠢ ᠬᠤᠤ ᠡᠷᠡᠭᠳᠡᠢ ᠶᠢᠨ 20 ᠺᠢᠯᠤᠮᠧᠲ᠋ᠷ ᠤᠨ ᠠᠯᠬᠤᠭ᠎ᠠ ᠤᠷᠤᠯᠳᠤᠭᠠᠨ ᠤ ᠠᠯᠳᠠ᠂ ᠶᠠᠩ ᠵᠢᠶᠠ ᠢᠤᠢ ᠡᠮᠡᠭᠳᠡᠢ ᠶᠢᠨ 20 ᠺᠢᠯᠤᠮᠧᠲ᠋ᠷ ᠤᠨ ᠠᠯᠬᠤᠭ᠎ᠠ ᠤᠷᠤᠯᠳᠤᠭᠠᠨ ᠤ ᠠᠯᠳᠠ᠂ ᠳ᠋ᠦ᠋ ᠳ᠋ᠠᠨ ᠡᠮᠡᠭᠳᠡᠢ ᠶᠢᠨ 64-69 ᠺᠢᠯᠤᠭ᠍ᠷᠠᠮ ᠤᠨ ᠬᠦᠨᠳᠦ ᠶᠢᠨ ᠵᠢᠩ ᠤᠨ ᠪᠤᠺᠰ ᠤᠨ ᠤᠷᠤᠯᠳᠤᠭᠠᠨ ᠤ ᠠᠯᠳᠠ ᠶᠢ ᠠᠪᠴᠤ᠂ ᠰᠠᠶᠢᠨᠵᠢᠷᠭᠠᠯ ᠡᠷᠡᠭᠳᠡᠢ ᠶᠢᠨ 73 ᠺᠢᠯᠤᠭ᠍ᠷᠠᠮ ᠤᠨ ᠬᠦᠨᠳᠦ ᠶᠢᠨ ᠵᠢᠩ ᠤᠨ ᠵᠢᠤᠳᠤᠣ ᠶᠢᠨ ᠤᠷᠤᠯᠳᠤᠭᠠᠨ ᠤ ᠮᠦᠩᠬᠦ ᠶᠢ ᠠᠪᠴᠠᠢ᠃ 26 ᠤ ᠡᠳᠦᠷ ᠪᠤᠯᠤᠭᠰᠠᠨ ᠡᠷᠡᠭᠳᠡᠢ ᠶᠢᠨ 87 ᠺᠢᠯᠤᠭ᠍ᠷᠠᠮ ᠡᠴᠡ ᠳᠤᠷᠤᠭᠰᠢᠬᠢ ᠬᠦᠨᠳᠦ ᠶᠢᠨ ᠵᠢᠩ ᠤᠨ ᠳᠠᠶᠢᠺᠦᠨᠳᠣ᠋ ᠶᠢᠨ ᠤᠷᠤᠯᠳᠤᠭᠠᠨ ᠳᠤ ᠸᠠᠩ ᠵᠧᠨ ᠳᠠᠪᠤᠳᠤᠭᠠᠷ ᠲᠤ ᠤᠷᠤᠵᠠᠢ᠃


ᠢᠷᠡᠯᠳᠡ : 

 ᠲᠤᠰ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ