6d9c11bd-dc3d-45b6-be9b-deb34998a8ee.png

《ᠲᠣᠮᠳᠠᠳᠣ ᠣᠯᠣᠰ ᠤᠨ ᠲᠡᠮᠡᠭᠡᠳᠤ ᠨᠣᠳᠤᠭ》ᠭᠡᠰᠡᠨ ᠰᠠᠶᠢᠬᠠᠨ ᠠᠯᠳᠠᠷ ᠲᠠᠢ ᠠᠮᠣᠭᠣᠯᠠᠩ ᠴᠡᠩᠬᠡᠷ ᠠᠯᠠᠱᠠ ᠨᠣᠳᠤᠭ ᠤᠨ ᠲᠠᠩᠰᠣᠭ ᠭᠣᠪᠢ ᠳ᠋ᠤ ᠠᠯᠠᠱᠠ ᠠᠶᠢᠮᠠᠭ ᠤᠨ ᠲᠡᠮᠡᠭᠡᠨ ᠤ ᠮᠦᠷᠦᠶᠢᠴᠡᠭᠡᠨ ᠤ ᠤᠷ᠎ᠠ ᠮᠡᠷᠭᠡᠰᠢᠯ ᠦᠨ ᠨᠡᠶᠢᠬᠡᠮᠯᠢᠭ ᠪᠣᠯᠣᠨ ᠠᠯᠠᠱᠠ ᠵᠡᠭᠦᠨ ᠬᠤᠰᠢᠭᠤᠨ ᠤ ᠬᠣᠤᠰ ᠪᠦᠬᠦᠳᠤ ᠲᠡᠮᠡᠭᠡᠨ ᠤ ᠨᠡᠶᠢᠬᠡᠮᠯᠢᠭ ᠦᠨ ᠬᠢᠨ ᠡᠴᠡ ᠭᠣᠣᠯᠯᠠᠨ ᠡᠷᠬᠢᠯᠡᠭᠰᠡᠨ 2019 ᠣᠨ ᠤ ᠠᠯᠠᠱᠠ ᠶᠢᠨ ᠲᠡᠮᠡᠭᠡᠨ ᠰᠣᠶᠣᠯ ᠤᠨ ᠨᠠᠭᠠᠳᠤᠮ 10 ᠳ᠋ᠣᠭᠠᠷ ᠰᠠᠷ᠎ᠠ ᠶᠢᠨ 19 ᠤ ᠡᠳᠦᠷ ᠂ ᠠᠯᠠᠱᠠ ᠵᠡᠭᠦᠨ ᠬᠣᠰᠢᠭᠤᠨ ᠤ ᠪᠠᠶᠠᠨᠬᠤᠳᠠ ᠪᠠᠯᠭᠠᠰᠣᠨ ᠤ ᠰᠥᠮᠡᠳᠤ ᠭᠠᠴᠠᠭᠠᠨ ᠳ᠋ᠠᠬᠢ ᠠᠯᠠᠱᠠ ᠶᠢᠨ ᠬᠣᠤᠰ ᠪᠦᠬᠦᠳᠤ ᠲᠡᠮᠡᠭᠡᠨ ᠤ ᠡᠭᠥᠯᠳᠡᠷ ᠢ ᠬᠠᠮᠠᠭᠠᠯᠠᠨ ᠦᠷᠡᠵᠢᠭᠦᠯᠬᠦ ᠰᠠᠭᠤᠷᠢᠨ ᠭᠠᠵᠠᠷ ᠤᠨ ᠲᠡᠮᠡᠭᠡᠨ ᠣᠷᠣᠯᠳᠣᠭᠠᠨ ᠤ ᠲᠠᠯᠠᠪᠠᠢ ᠳ᠋ᠤ ᠦᠷᠭᠡᠨ ᠲᠡᠯᠭᠡᠷ ᠡᠬᠢᠯᠡᠵᠡᠢ ᠃

ᠨᠠᠭᠠᠳᠤᠮ ᠤᠨ ᠡᠬᠢᠯᠡᠯᠳᠡ ᠶᠢᠨ ᠶᠣᠰᠤᠯᠠᠯ ᠳ᠋ᠤ ᠣᠷᠣᠨ ᠤ ᠲᠡᠰ ᠦᠨ 5 ᠬᠦᠮᠦᠨ ᠳ᠋ᠦ ᠮᠠᠩᠯᠠᠢ ᠣᠶᠠᠭᠠᠴᠢ ᠵᠢᠨ ᠴᠣᠯᠠ ᠂ ᠠᠶᠢᠮᠠᠭ ᠤᠨ ᠲᠡᠰ ᠦᠨ 7 ᠬᠦᠮᠦᠨ ᠳ᠋ᠦ ᠠᠯᠳᠠᠷᠳᠤ ᠣᠶᠠᠭᠠᠴᠢ ᠵᠢᠨ ᠴᠣᠯᠠ ᠪᠣᠯᠣᠨ ᠬᠣᠰᠢᠭᠤᠨ ᠤ ᠲᠡᠰ ᠦᠨ 4 ᠬᠦᠮᠦᠨ ᠳ᠋ᠦ ᠰᠣᠳᠣᠨ ᠤᠶᠠᠭᠠᠴᠢ ᠶᠢᠨ ᠴᠣᠯᠠ ᠵᠡᠷᠭᠡ ᠨᠡᠶᠢᠲᠡ 16 ᠭᠠᠷᠮᠠᠭᠠᠢ ᠲᠡᠮᠡᠭᠡᠴᠢᠨ ᠳ᠋ᠦ ᠢᠷᠠᠭᠤ ᠠᠯᠳᠠᠷ ᠤᠨ ᠴᠣᠯᠠ ᠣᠯᠭᠤᠨ ᠣᠷᠮᠠᠰᠢᠭᠣᠯᠣᠨ ᠵᠣᠷᠢᠭᠵᠢᠭᠣᠯᠵᠤ᠂ ᠲᠥᠮᠡᠨ ᠬᠡᠰᠢᠭ ᠬᠣᠷᠣᠶᠢᠯᠠᠭᠰᠠᠨ ᠨᠠᠭᠠᠳᠤᠮ ᠤᠨ ᠲᠡᠪᠵᠢᠶᠡᠨ ᠳ᠋ᠡᠬᠡᠨ ᠲᠡᠮᠡᠭᠡᠴᠢᠳ ᠦᠨ ᠬᠡᠶᠢᠮᠣᠷᠢ ᠵᠢᠪᠬᠣᠭ᠎ᠠ ᠶᠢ ᠪᠠᠳᠠᠷᠠᠭᠠᠵᠤ ᠂ ᠨᠠᠶᠢᠷ ᠤᠨ ᠠᠷᠢᠭᠤᠨ ᠭᠠᠯ ᠢ ᠠᠰᠠᠭᠠᠨ ᠨᠠᠭᠠᠳᠤᠮ ᠢᠶᠠᠨ ᠡᠬᠢᠯᠡᠭᠥᠯᠵᠦ᠂ ᠬᠣᠯᠠ ᠣᠶᠢᠷ᠎ᠠ ᠡᠴᠠ ᠬᠦᠷᠥᠯᠴᠡᠨ ᠢᠷᠡᠭᠰᠡᠨ ᠨᠠᠭᠠᠳᠤᠮᠴᠢᠨ ᠣᠯᠠᠨ ᠢᠶᠠᠨ ᠪᠠᠶᠠᠰᠬᠠᠯ᠎ᠠ᠃

ᠡᠨᠡ ᠣᠳᠠᠭᠠᠨ ᠤ ᠲᠡᠮᠡᠭᠡᠨ ᠰᠣᠶᠣᠯ ᠤᠨ ᠨᠠᠭᠠᠳᠤᠮ ᠳ᠋ᠤ ᠦᠪᠦᠷ ᠮᠣᠩᠭᠣᠯ ᠣᠷᠣᠨ ᠤ ᠬᠥᠯᠥᠨ ᠪᠣᠶᠢᠷ ᠬᠤᠳᠠ ᠂ ᠣᠷᠳᠤᠰ ᠬᠤᠳᠠ ᠂ ᠪᠣᠭᠣᠳᠤ ᠬᠤᠳᠠ ᠂ ᠪᠠᠶᠠᠨᠨᠠᠭᠤᠷ ᠬᠤᠳᠠ ᠶᠢᠨ ᠤᠷᠠᠳ ᠤᠨ ᠬᠣᠶᠢᠳᠤ ᠬᠣᠰᠢᠭᠤ ᠂ ᠠᠯᠠᠱᠠ ᠠᠶᠢᠮᠠᠭ ᠤᠨ ᠭᠣᠷᠪᠠᠨ ᠬᠣᠰᠢᠭᠤ ᠵᠡᠷᠭᠡ ᠠᠶᠢᠮᠠᠭ ᠬᠤᠳᠠ ᠶᠢᠨ ᠲᠡᠮᠡᠭᠡᠴᠢᠳ ᠡᠴᠡ ᠭᠠᠳᠠᠨ᠎ᠠ ᠭᠠᠨᠰᠣ ᠮᠤᠵᠢ ᠶᠢᠨ ᠰᠦᠪᠸᠢ ᠮᠣᠩᠭᠣᠯ ᠦᠨᠳᠦᠰᠦᠳᠡᠨ ᠤ ᠦᠪᠡᠷᠳᠡᠭᠡᠨ ᠵᠠᠰᠠᠬᠣ ᠰᠢᠶᠡᠨ ᠤ ᠲᠥᠯᠥᠭᠡᠯᠡᠭᠴᠢ ᠶᠢᠨ ᠠᠩᠭᠢ ᠬᠥᠷᠥᠯᠴᠡᠨ ᠢᠷᠡᠵᠤ ᠣᠷᠣᠯᠴᠠᠵᠠᠢ ᠃ ᠨᠠᠭᠠᠳᠤᠮ ᠳ᠋ᠤ 15 ᠺᠢᠯᠣᠮᠧᠲ᠋ᠷ ᠤᠨ ᠬᠤᠯᠠ ᠶᠢᠨ ᠲᠡᠮᠡᠭᠡᠨ ᠤ ᠣᠷᠣᠯᠳᠤᠭᠠᠨ ᠂ 5000 ᠮᠸᠲ᠋ᠷ ᠦᠨ ᠲᠣᠭᠣᠷᠢᠭ ᠤᠨ ᠣᠷᠣᠯᠳᠤᠭᠠᠨ ᠂ 300 ᠮᠧᠲ᠋ᠷ ᠦᠨ ᠪᠠᠭ᠎ᠠ ᠨᠠᠰᠣᠨ ᠤ ᠲᠡᠮᠡᠭᠡᠨ ᠤ ᠣᠷᠣᠯᠳᠤᠭᠠᠨ ᠪᠣᠯᠣᠨ ᠲᠡᠮᠡᠭᠡᠨ ᠤ ᠡᠭᠦᠳᠡᠨ ᠪᠥᠮᠪᠥᠭᠡᠨ ᠤ ᠣᠷᠣᠯᠳᠤᠭᠠᠨ ᠂ ᠲᠡᠮᠡᠭᠡᠨ ᠪᠦᠮᠪᠥᠭᠡᠨ ᠤ ᠣᠷᠣᠯᠳᠤᠭᠠᠨ ᠪᠣᠯᠣᠨ ᠲᠡᠮᠡᠭᠡᠨ ᠨᠠᠮᠨᠠᠭ᠎ᠠ ᠶᠢᠨ ᠣᠷᠣᠯᠳᠤᠭᠠᠨ ᠵᠡᠷᠭᠡ ᠣᠷᠣᠯᠳᠤᠭᠠᠨ ᠤ ᠲᠥᠷᠥᠯ ᠢ ᠲᠣᠬᠢᠷᠠᠭᠣᠯᠵᠤ ᠂ 20 ᠤ ᠡᠳᠦᠷ ᠪᠣᠯᠳᠠᠯ᠎ᠠ ᠬᠣᠶᠠᠷ ᠡᠳᠦᠷ ᠦᠨ ᠬᠣᠭᠣᠴᠠᠭ᠎ᠠ ᠲᠠᠢ ᠶᠠᠪᠤᠭᠳᠠᠵᠠᠢ ᠃ ᠣᠷᠣᠯᠳᠤᠭᠠᠨ ᠤ ᠳ᠋ᠦᠩ ᠳ᠋ᠦ 5000 ᠮᠧᠲ᠋ᠷ ᠦᠨ ᠲᠣᠭᠣᠷᠢᠭ ᠤᠨ ᠣᠷᠣᠯᠳᠤᠭᠠᠨ ᠳ᠋ᠤ ᠠᠯᠠᠱᠠ ᠪᠠᠷᠠᠭᠤᠨ ᠬᠣᠰᠢᠭᠤᠨ ᠤ ᠲᠠᠩᠰᠣᠭᠪᠤᠯᠠᠭ ᠰᠣᠮᠣᠨ ᠤ ᠭᠠᠩᠪᠠᠭᠠᠳᠤᠷ ᠤᠨ ᠲᠡᠮᠡᠭᠡ ᠲᠦᠷᠥᠭᠥᠯᠡᠵᠤ ᠂ 3000 ᠮᠧᠲ᠋ᠷ ᠦᠨ ᠪᠠᠭ᠎ᠠ ᠨᠠᠰᠣᠨ ᠤ ᠲᠡᠮᠡᠭᠡᠨ ᠤ ᠣᠷᠣᠯᠳᠤᠭᠠᠨ ᠳ᠋ᠤ ᠠᠯᠠᠱᠠ ᠪᠠᠷᠠᠭᠤᠨ ᠬᠣᠰᠢᠭᠤᠨ ᠤ ᠠᠯᠳᠠᠨᠨ᠍ᠣᠪᠣᠭ᠎ᠠ ᠪᠠᠯᠭᠠᠰᠣᠨ ᠤ ᠢᠯᠠᠯᠳᠠ ᠶᠢᠨ ᠲᠡᠮᠡᠭᠡ ᠲᠦᠷᠥᠭᠥᠯᠡᠨ᠂ ᠲᠡᠮᠡᠭᠡᠨ ᠪᠥᠮᠪᠥᠭᠡᠨ ᠤ ᠣᠷᠣᠯᠳᠤᠭᠠᠨ ᠳ᠋ᠤ ᠪᠠᠶᠠᠨᠨᠠᠭᠤᠷ ᠬᠤᠳᠠ ᠵᠢᠨ ᠤᠷᠠᠳ ᠤᠨ ᠬᠣᠶᠢᠳᠤ ᠬᠣᠰᠢᠭᠤᠨ ᠤ ᠰᠢᠨᠡᠡᠣᠰᠤ ᠲᠡᠮᠡᠭᠡᠨ ᠪᠥᠮᠪᠥᠭᠡᠨ ᠤ ᠠᠩᠭᠢ ᠲᠦᠷᠥᠭᠥᠯᠡᠵᠦ᠂ 15 ᠺᠢᠯᠣᠮᠧᠲ᠋ᠷ ᠤᠨ ᠬᠤᠯᠠ ᠶᠢᠨ ᠲᠡᠮᠡᠭᠡᠨ ᠤ ᠣᠷᠣᠯᠳᠤᠭᠠᠨ ᠳ᠋ᠤ ᠪᠤᠭᠤᠳᠣ ᠬᠤᠳᠠ ᠶᠢᠨ ᠲᠠᠷᠬᠠᠨ ᠮᠣᠣᠮᠢᠩᠭᠠᠨ ᠬᠤᠯᠪᠣᠭᠠᠳᠣ ᠬᠣᠰᠢᠭᠤᠨ ᠤ ᠣᠳᠬᠤᠨᠰᠡᠩᠭᠡ ᠵᠢᠨ ᠲᠡᠮᠡᠭᠡ ᠲᠥᠷᠥᠭᠥᠯᠡᠨ᠂ ᠲᠡᠮᠡᠭᠡᠨ ᠡᠭᠦᠳᠡᠨ ᠪᠥᠮᠪᠥᠭᠡᠨ ᠤ ᠣᠷᠣᠯᠳᠤᠭᠠᠨ ᠳ᠋ᠤ ᠠᠯᠠᠱᠠ ᠪᠠᠷᠠᠭᠤᠨ ᠬᠣᠰᠢᠭᠤᠨ ᠤ ᠲᠠᠩᠰᠣᠭᠪᠣᠯᠠᠭ ᠰᠣᠮᠣᠨ ᠤ ᠭᠠᠩᠪᠠᠭᠠᠳᠣᠷ ᠲᠥᠷᠥᠭᠥᠯᠡᠵᠤ᠂ ᠲᠡᠮᠡᠭᠡᠨ ᠨᠠᠮᠨᠠᠭ᠎ᠠ ᠶᠢᠨ ᠣᠷᠣᠯᠳᠤᠭᠠᠨ ᠳ᠋ᠤ ᠠᠯᠠᠱᠠ ᠵᠡᠭᠦᠨ ᠬᠣᠰᠢᠭᠤᠨ ᠤ ᠴᠤᠠᠠᠳᠦᠬᠦ᠋ᠷᠢᠶ᠎ᠡ ᠰᠣᠮᠣᠨ ᠤ ᠠᠭᠤᠯᠠ ᠲᠦᠷᠥᠭᠥᠯᠡᠭᠰᠡᠨ ᠪᠠᠶᠢᠨ᠎ᠠ᠃

ᠡᠨᠡ ᠣᠳᠠᠭᠠᠨ ᠤ ᠨᠠᠭᠠᠳᠤᠮ ᠢ ᠰᠢᠨ᠎ᠡ ᠲᠣᠮᠳᠠᠳᠣ ᠣᠯᠣᠰ ᠪᠠᠶᠢᠭᠣᠯᠣᠭᠳᠠᠭᠰᠠᠨ ᠲᠠᠯᠠᠨ ᠵᠢᠯ ᠦᠨ ᠣᠢ ᠶᠢᠨ ᠪᠠᠶᠠᠷ ᠢ ᠲᠡᠮᠳᠡᠭᠯᠡᠵᠦ᠂ ᠲᠣᠮᠳᠠᠳᠣ ᠣᠯᠣᠰ ᠤᠨ 《 ᠲᠡᠮᠡᠭᠡᠳᠤ ᠨᠣᠳᠤᠭ》 ᠤᠨ ᠰᠦᠯᠳᠡ ᠶᠢ ᠦᠨᠳᠦᠷ ᠲᠤ ᠡᠷᠭᠦᠨ᠂ ᠲᠡᠮᠡᠭᠡᠨ ᠰᠣᠶᠣᠯ ᠢᠶᠠᠨ ᠬᠦᠭᠵᠢᠭᠥᠯᠥᠨ ᠪᠠᠳᠠᠷᠠᠭᠣᠯᠬᠤ ᠣᠷᠢᠳᠠᠯ ᠢᠶᠠᠷ ᠵᠣᠷᠢᠯᠭ᠎ᠠ ᠪᠠᠨ ᠪᠣᠯᠭᠠᠵᠤ᠂ ᠦᠩ ᠲᠠᠷᠭᠤ ᠲᠡᠩᠴᠡᠭᠰᠡᠨ ᠣᠷᠳᠣ ᠨᠠᠮᠤᠷ ᠤᠨ ᠡᠯᠪᠡᠭ᠌ ᠬᠣᠷᠢᠶᠠᠯᠲᠠ ᠪᠠᠨ ᠪᠡᠯᠭᠡᠯᠡᠨ᠂ ᠠᠲᠠᠨ ᠲᠡᠮᠡᠭᠡᠨ ᠤ ᠪᠠᠨ ᠰᠢᠨᠳᠠᠰᠤ ᠶᠢ ᠰᠢᠯᠭᠠᠵᠤ᠂ ᠬᠣᠯᠠ ᠣᠶᠢᠷ᠎ᠠ ᠶᠢᠨ ᠣᠶᠠᠭᠠᠴᠢᠳ ᠲᠠᠮᠢᠷᠴᠢᠳ ᠢᠶᠠᠨ ᠵᠣᠷᠢᠭᠵᠢᠭᠣᠯᠣᠨ ᠬᠠᠷᠢᠯᠴᠠᠨ ᠰᠣᠷᠣᠯᠴᠠᠨ ᠪᠦᠯᠬᠥᠮᠳᠡᠵᠡᠭᠡᠵᠤ ᠲᠣᠷᠰᠢᠯᠭ᠎ᠠ ᠰᠣᠷᠭᠠᠮᠵᠢ ᠪᠠᠨ ᠰᠣᠯᠢᠯᠴᠠᠬᠤ ᠡᠭᠦᠳᠡᠨ ᠡᠴᠡ ᠡᠷᠬᠢᠯᠡᠨ ᠶᠠᠪᠤᠭᠳᠠᠭᠣᠯᠵᠠᠢ᠃


ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ