9a43a1dd-9a01-45d8-81dd-aa661f51c392.jpg

10 ᠰᠠᠷ᠎ᠠ ᠶᠢᠨ 15 ᠤ ᠡᠳᠦᠷ ᠤᠨ ᠦᠳᠡ ᠶᠢᠨ ᠬᠤᠶᠢᠨ᠎ᠠ᠂ ᠾᠸᠪᠸᠢ ᠮᠤᠵᠢ ᠶᠢᠨ ᠯᠠᠩᠹᠠᠩ ᠬᠤᠲᠠ ᠳᠤ ᠶᠠᠪᠤᠬᠳᠠᠬᠰᠠᠨ ᠬᠢᠳᠡᠳ ᠪᠦᠬᠡ ᠶᠢᠨ ᠮᠠᠩᠯᠠᠢ ᠰᠢᠯᠭᠠᠷᠠᠭᠤᠯᠬᠤ ᠲᠡᠮᠡᠴᠡᠭᠡᠨ ᠤ《ᠠᠪᠤᠷᠭᠤ ᠶᠢᠨ ᠲᠤᠳᠤᠷᠠᠬᠢ ᠠᠪᠤᠷᠭᠤ》 ᠶ᠋ᠢᠨ ᠪᠠᠷᠢᠯᠳᠤᠭᠠᠨ ᠳᠤ ᠠᠪᠠᠭ᠎ᠠ ᠴᠠᠭᠠᠨᠵᠠᠭᠠᠨ ᠲᠡᠷᠢᠭᠦᠯᠡᠵᠦ᠂ ᠪᠠᠭᠠᠷᠢᠨ ᠭᠡᠭᠡᠷᠡᠬᠦ ᠳᠡᠳ᠋ᠯᠡᠭᠰᠡᠨ ᠪᠠᠶᠢᠨ᠎ᠠ᠃

ᠲᠤᠰ ᠤᠳᠠᠭᠠᠨ ᠤ ᠬᠢᠳᠡᠳ ᠪᠦᠬᠡ ᠶᠢᠨ ᠬᠦᠨᠳᠦ ᠶᠢᠨ ᠳᠡᠰ ᠤᠨ 《ᠠᠪᠤᠷᠭᠤ ᠶᠢᠨ ᠲᠤᠳᠤᠷᠠᠬᠢ ᠠᠪᠤᠷᠭᠤ》 ᠶ᠋ᠢᠨ ᠪᠠᠷᠢᠯᠳᠤᠭᠠᠨ ᠳᠤ ᠦᠪᠦᠷ ᠮᠤᠩ᠋ᠭᠤᠯ ᠤᠨ ᠤᠳᠤ ᠴᠠᠬ ᠤᠨ ᠮᠤᠩ᠋ᠭᠤᠯ ᠪᠦᠬᠡ ᠢᠳᠡ ᠪᠠᠷᠢᠯᠳᠤᠵᠦ ᠪᠦᠬᠦᠢ ᠵᠠᠯᠠᠭᠤ ᠪᠦᠬᠡᠴᠤᠤᠯ ᠮᠠᠰᠢ ᠢᠳᠡᠪᠬᠢᠲᠡᠢ ᠪᠡᠷ ᠤᠷᠤᠯᠴᠠᠬᠰᠠᠨ ᠪᠠᠶᠢᠨ᠎ᠠ᠃ ᠡᠭᠦᠨ ᠳᠤ᠂ ᠳᠠᠶᠠᠩ ᠠᠪᠤᠷᠭᠤ ᠴᠠᠭᠠᠨᠵᠠᠭᠠᠨ᠂ ᠠᠪᠤᠷᠭᠤ ᠰᠠᠨᠢᠴᠢᠷ᠂ ᠠᠷᠰᠯᠠᠨ ᠪᠠᠲᠤᠵᠢᠷᠭᠠᠯ᠂ ᠭᠠᠷᠤᠳᠢ ᠭᠡᠭᠡᠷᠡᠬᠦ᠂ ᠨᠠᠴᠢᠨ ᠰᠡᠴᠡᠨᠪᠢᠯᠢᠭ᠌᠂ ᠮᠢᠩ᠋ᠭᠠᠨ ᠤ ᠮᠠᠩᠯᠠᠢ ᠠᠯᠲᠠᠨᠰᠦ᠋ᠬᠡ᠂ ᠪᠠᠭᠠᠷᠢᠨ ᠪᠠᠷᠠᠭᠤᠨ ᠬᠤᠰᠢᠭᠤᠨ ᠤ ᠴᠢᠩᠵᠤᠷᠢᠬ᠂ ᠲᠡᠷᠭᠡᠯ᠂ ᠰᠢᠯᠢ ᠶᠢᠨ ᠬᠤᠲᠠ ᠶᠢᠨ ᠭᠠᠯᠳᠠᠨ᠂ ᠵᠡᠭᠦᠨ ᠦᠵᠦᠮᠦᠴᠢᠨ ᠤ ᠭᠤᠨᠴᠤᠬᠳᠤᠷᠵᠢ᠂ ᠪᠠᠷᠠᠭᠤᠨ ᠦᠵᠦᠮᠦᠴᠢᠨ ᠤ ᠨᠠᠮᠰᠠᠷᠠᠢ᠂ ᠬᠦᠯᠦᠨ ᠪᠤᠶᠢᠷ ᠤᠨ ᠪᠤᠯᠤᠳᠪᠠᠭᠠᠲᠤᠷ ᠵᠡᠷᠭᠡ ᠬᠦᠴᠦᠲᠡᠨ ᠨᠠᠷ ᠵᠤᠳᠤᠬᠯᠠᠵᠦ᠂ ᠬᠠᠮᠤᠬ ᠤᠨ ᠡᠴᠦᠰ ᠲᠤ ᠠᠪᠠᠭ᠎ᠠ ᠶᠢᠨ ᠠᠷᠰᠯᠠᠨ ᠴᠠᠭᠠᠨᠵᠠᠭᠠᠨ ᠳᠠᠶᠠᠩ ᠠᠪᠤᠷᠭᠤ ᠴᠠᠭᠠᠨᠵᠠᠭᠠᠨ᠂ ᠭᠠᠷᠤᠳᠢ ᠭᠡᠭᠡᠷᠡᠬᠦ ᠵᠡᠷᠭᠡ ᠬᠦᠴᠦᠲᠡᠨ ᠢ ᠳᠠᠪᠠᠵᠦ ᠲᠡᠷᠢᠭᠦᠯᠡᠵᠦ᠂ 5 ᠲᠦᠮᠡᠨ ᠲᠦᠭᠦᠷᠢᠭ᠌ ᠤᠨ ᠱᠠᠩᠨᠠᠯ ᠤᠨ ᠡᠵᠡᠨ ᠢᠶᠡᠷ ᠲᠤᠳᠤᠷᠠᠵᠦ᠂ ᠬᠢᠳᠡᠳ ᠪᠦᠬᠡ ᠶᠢᠨ ᠬᠦᠨᠳᠦ ᠳᠡᠰ ᠤᠨ ᠮᠠᠩᠯᠠᠢ ᠰᠢᠯᠭᠠᠷᠠᠭᠤᠯᠬᠤ ᠲᠡᠮᠡᠴᠡᠭᠡᠨ ᠤ 《ᠠᠪᠤᠷᠭᠤ ᠶᠢᠨ ᠲᠤᠳᠤᠷᠠᠬᠢ ᠠᠪᠤᠷᠭᠤ》ᠪᠤᠯᠤᠬᠰᠠᠨ ᠪᠠᠶᠢᠨ᠎ᠠ᠃  

eb436db4-42fb-4c22-bd52-ea647727f8a8.jpg


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ