5ae0a108-6747-423a-95d1-ff2ea8c6048c.jpg

16 ᠤ ᠡᠳᠦᠷ ᠤᠨ ᠦᠳᠡ ᠶᠢᠨ ᠡᠮᠦᠨ᠎ᠡ᠂ ᠳᠣᠯᠣᠳᠤᠭᠠᠷ  ᠬᠤᠭᠤᠴᠠᠭᠠᠨ ᠤ  ᠳᠡᠯᠡᠬᠡᠶ ᠶᠢᠨ  ᠴᠡᠷᠢᠭ ‍ᠤᠨ‌‍ ᠪᠡᠶ᠎ᠡ ᠶᠢᠨ ᠲᠠᠮᠢᠷ ᠤᠨ ᠴᠤᠭᠯᠠᠭᠠᠨ ᠤ ᠭᠠᠯ  ᠪᠠᠮᠪᠠᠷ  ᠳᠠᠮᠵᠢᠭᠤᠯᠬᠤ  ᠠᠵᠢᠯᠯᠠᠭ᠎ᠠ  ᠦᠬᠠᠨ ᠳᠤ  ᠶᠠᠪᠤᠭᠳᠠᠵᠤ᠂  100  ᠭᠠᠯ‌‍ ᠪᠠᠮᠪᠠᠷᠴᠢᠨ ᠳ᠋ᠦᠩ  ᠬᠤ᠋  ᠨᠠᠭᠤᠷ ᠤᠨ  ᠬᠥᠪᠡᠭᠡᠨ ᠳᠤ  《ᠡᠩᠬᠡ  ᠲᠠᠶᠢᠪᠤᠩ  ᠤᠨ  ᠢᠷᠠᠭᠤ  ᠠᠯᠳᠠᠷ》 ᠤᠨ  ᠭᠠᠯ  ᠪᠠᠮᠪᠠᠷ  ᠢ ᠲ᠋ᠠᠮᠵᠢᠭᠤᠯᠪᠠ᠃ ᠬᠤᠶᠠᠷ ᠡᠳᠦᠷ ᠤᠨ ᠳᠠᠷᠠᠭ᠎ᠠ ᠠᠷᠢᠭᠤᠨ  ᠭᠠᠯ  ᠡᠬᠢᠯᠡᠯᠲᠡ ᠶᠢᠨ  ᠶᠣᠰᠣᠯᠠᠯ  ᠳᠡᠭᠡᠷ᠎ᠡ  ᠳᠦᠷᠡᠯᠵᠡᠨ  ᠨᠣᠴᠣᠬᠤ‌‍ᠪᠣᠯᠤᠨ᠎ᠠ᠃

ᠦᠬᠠᠨ  ᠥᠷᠲᠡᠭᠡ ᠶᠢᠨ  ᠳᠠᠮᠵᠢᠭᠤᠯᠤᠭᠰᠠᠨ  ᠠᠩᠬᠠᠨ ᠤ  ᠭᠠᠯ  ᠪᠠᠮᠪᠠᠷ ᠢ  2008  ᠣᠨ ᠤ   ᠪᠡᠭᠡᠵᠢᠩ ‍ᠤᠨ‌ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠬᠦᠨᠳᠦ  ᠡᠷᠭᠦᠯᠲᠡ ᠶᠢᠨ  ᠮᠠᠩᠯᠠᠶ  ᠯᠢᠶᠣᠤ  ᠬᠤᠢ  ᠭᠠᠷ ᠲᠠᠭᠠᠨ  ᠪᠠᠷᠢᠨ‌‍ ᠬᠦ᠋ᠶᠦᠵᠦ᠂ ᠳᠠᠷᠠᠭ᠎ᠠ ᠨᠢ 100 ᠬᠦᠮᠦᠨ ᠨᠢᠭᠡ ᠨᠢᠭᠡᠨ ᠳᠡᠭᠡᠨ ᠳᠠᠮᠵᠢᠭᠤᠯᠵᠠᠶ᠃ ᠰᠢᠨ᠎ᠡ ᠳᠤᠮᠳᠠᠳᠤ  ᠤᠯᠤᠰ ᠤᠨ  ᠰᠢᠬᠦᠷ ᠵᠶ᠋ᠠᠷ‌‍ᠪᠠᠭᠤᠬᠰᠠᠨ ᠠᠩᠬᠠᠳᠠᠭᠴᠢ ᠡᠮᠡᠭᠲᠡᠶ ᠴᠡᠷᠢᠭ ᠮᠠ ᠰᠢᠤᠢ ᠵᠡᠷᠭᠡ ᠦᠬᠠᠨ ᠤ ᠨᠡᠶᠢᠭᠡᠮ ᠤᠨ ᠡᠯ᠎ᠡ  ᠡᠲᠡᠭᠡᠳ ᠤᠨ  ᠲᠥᠯᠥᠭᠡᠯᠡᠭᠴᠢᠳ‌ ᠬᠤᠶᠢᠨ᠎ᠠ ᠬᠤᠶᠢᠨ᠎ᠠ ᠠᠴᠠ ᠪᠠᠨ ᠭᠠᠯ ᠪᠠᠮᠪᠠᠷ ᠢᠶᠠᠨ ᠨᠢᠭᠡ ᠨᠢᠭᠡ ᠳᠡᠭᠡᠨ ᠲᠡᠮᠵᠢᠭᠤᠯᠪᠠ᠃  ᠬᠠᠮᠤᠭ  ᠰᠡᠭᠦᠯᠴᠢ ᠶᠢᠨ  ᠨᠢᠭᠡ  ᠭᠠᠯ‌‍ ᠪᠠᠮᠪᠠᠷᠴᠢᠨ ᠪᠤᠯᠬᠤ ᠬᠦᠨᠳᠦ ᠬᠥᠩᠭᠡᠨ ᠪᠡᠶ᠎ᠡ ᠶᠢᠨ ᠲᠠᠮᠢᠷ ᠤᠨ ᠳᠡᠯᠡᠬᠡᠶ ᠶᠢᠨ ᠮᠠᠩᠯᠠᠶ ᠵᠠᠩ ᠸᠧᠨ  ᠰᠢᠤ  ᠭᠠᠯ  ᠪᠠᠮᠪᠠᠷ ᠢ  ᠪᠠᠷᠢᠨ‌‍ ᠬᠦ᠋ᠶᠦᠵᠦ ᠲᠡᠭᠦᠰᠬᠡᠯ ᠤᠨ ᠴᠡᠭ ᠲᠤ ᠬᠦᠷᠦᠭᠰᠡᠨ ᠤ ᠳᠠᠷᠠᠭ᠎ᠠ᠂ ᠠᠷᠢᠭᠤᠨ ᠭᠠᠯ ᠢ ᠭᠠᠯ ᠤᠨ ᠴᠤᠬ ᠤᠨ ᠳ᠋ᠧᠡᠭ  ᠲᠤᠳᠤᠷ᠎ᠠ  ᠬᠢᠵᠦ‌‍ᠲ᠋ᠠᠯᠪᠢᠪᠠ᠂ ᠬᠤᠶᠠᠷ ᠡᠳᠦᠷ ᠤᠨ ᠳᠠᠷᠠᠭ᠎ᠠ ᠦᠬᠠᠨ ᠤ ᠪᠡᠶ᠎ᠡ ᠶᠢᠨ ᠲᠠᠮᠢᠷ ᠤᠨ ᠲᠥᠪ ᠲᠤ ᠳᠦᠷᠡᠯᠵᠡᠨ ᠨᠤᠴᠤᠬᠤ ᠪᠤᠯᠤᠨ᠎ᠠ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ