ᠠᠵᠢᠯ ᠦᠢᠯᠡᠰ ᠪᠤᠶᠤ ᠠᠮᠢᠳᠤᠷᠠᠯ ᠤᠨ ᠠᠶᠢᠵᠠᠮ ᠴᠤᠬᠢᠯᠭ᠎ᠠ ᠶᠢ ᠵᠦᠪ ᠵᠤᠬᠢᠴᠠᠭᠤᠯᠤᠭᠰᠠᠨ ᠦᠭᠡᠢ ᠠᠴᠠ ᠪᠤᠯᠵᠤ᠂ ᠪᠠᠶ᠎ᠠ ᠰᠡᠳᠬᠢᠯ ᠳᠡᠭᠡᠨ ᠶᠡᠭᠡ ᠲᠠᠷᠤᠭᠠᠰᠤ ᠲᠠᠢ ᠶᠠᠪᠤᠳᠠᠭ ᠬᠦᠮᠤᠰ ᠤᠯᠠᠨ ᠪᠤᠢ᠃ ᠡᠨᠡ ᠨᠢ ᠤᠳᠠᠭᠠᠨ ᠳᠠᠭᠠᠨ ᠪᠠᠶ᠎ᠠ ᠰᠡᠳᠬᠢᠴᠡ ᠶᠢᠨ ᠡᠷᠡᠭᠦᠯ ᠮᠡᠨᠳᠤ ᠶᠢ ᠨᠦᠯᠤᠭᠡᠯᠡᠵᠤ᠂ ᠠᠵᠢᠯ ᠠᠮᠢᠳᠤᠷᠠᠯ ᠳᠤ ᠬᠠᠷᠰᠢ ᠰᠠᠭᠠᠳ ᠤᠴᠠᠷᠠᠭᠤᠯᠳᠠᠭ᠃ ᠡᠭᠦᠨ ᠢ ᠰᠢᠢᠳᠪᠤᠷᠢᠯᠡᠭᠦ ᠨᠢᠭᠡᠨ ᠠᠷᠭ᠎ᠠ ᠪᠤᠯ ᠦᠪᠡᠷ ᠤᠨ ᠢᠶᠠᠨ ᠬᠢᠵᠤ ᠪᠠᠶᠢᠭ᠎ᠠ ᠠᠵᠢᠯ ᠦᠢᠯᠡᠰ ᠢᠶᠠᠨ ᠦᠪᠡᠷ ᠤᠨ ᠶᠠᠭᠤᠮ᠎ᠠ ᠪᠠᠨ ᠪᠤᠯᠭᠠᠵᠤ᠂ ᠦᠪᠡᠷ ᠢ ᠪᠠᠨ ᠪᠠᠭ᠋ᠠᠷᠬᠠᠵᠤ ᠰᠤᠷᠤᠨ᠎ᠠ᠃ ᠦᠪᠡᠷ ᠤᠨ ᠬᠢᠭᠦ ᠵᠤᠬᠢᠰᠳᠠᠢ ᠵᠦᠢᠯ ᠢᠶᠠᠨ ᠬᠢᠵᠤ ᠯᠠ ᠪᠠᠶᠢᠨ᠎ᠠ ᠭᠡᠰᠡᠨ ᠪᠤᠳᠤᠯ ᠢᠶᠠᠷ᠂ ᠬᠠᠷᠢᠭᠤᠴᠠᠯᠭ᠎ᠠ ᠲᠠᠢ ᠬᠢᠵᠤ ᠯᠠ ᠪᠠᠶᠢᠨ᠎ᠠ ᠭᠡᠰᠡᠨ ᠪᠤᠳᠤᠯ ᠢᠶᠠᠷ ᠬᠠᠷᠢᠭᠤᠴᠠᠯᠭ᠎ᠠ ᠲᠠᠢ ᠬᠢᠨ᠎ᠠ᠃ ᠶᠡᠷᠤᠨᠢ ᠦᠪᠡᠷ ᠤᠨ ᠪᠠᠶ᠎ᠠ ᠳᠡᠭᠡᠨ ᠬᠠᠷᠢᠭᠤᠴᠠᠵᠤ ᠬᠢᠭᠰᠡᠨ ᠠᠵᠢᠯ ᠪᠤᠯ ᠶᠠᠳᠠᠷᠠᠭ᠎ᠠ ᠪᠠᠶᠢᠬᠤ ᠦᠭᠡᠢ᠂ ᠬᠦᠮᠤᠨ ᠤ ᠲᠦᠯᠤᠭᠡ ᠬᠡᠵᠤ ᠪᠤᠳᠤᠪᠠᠯ ᠲᠠᠷᠤᠭᠠᠰᠤ ᠲᠠᠢ ᠪᠤᠯᠳᠠᠭ᠃ ᠦᠨᠤᠳᠤᠷ ᠤᠨ ᠬᠦᠮᠤᠰ ᠤᠯᠠᠩᠬᠢ ᠨᠢ ᠭᠠᠳᠠᠭᠠᠳᠤ ᠤᠷᠴᠢᠨ ᠢᠶᠠᠷ ᠦᠪᠡᠷ ᠢ ᠪᠠᠨ ᠬᠦᠯᠢᠶᠠᠰᠤᠯᠡᠨ ᠰᠡᠳᠬᠢᠯ ᠰᠠᠨᠠᠭᠠᠨ ᠳᠠᠭᠠᠨ ᠲᠠᠷᠤᠯᠳᠠ ᠦᠭᠳᠡᠭ᠃ ︽ᠶᠡᠷᠤᠨᠢ ᠦᠭᠴᠤ ᠠᠮᠢᠳᠤᠷᠠᠭᠰᠠᠨ ᠰᠡᠳᠬᠢᠯ ᠲᠦᠭᠦᠷᠡᠩ᠂ ᠠᠪᠴᠤ ᠰᠤᠷᠤᠭᠰᠠᠨ ᠰᠡᠳᠬᠢᠯ ᠬᠤᠭᠤᠰᠤᠨ︾ ᠭᠡᠵᠤ ᠦᠪᠤᠷ ᠮᠤᠩᠭᠤᠯ ᠤᠨ ᠠᠩᠬᠠᠳᠠᠭᠴᠢ ᠰᠡᠳᠬᠢᠴᠡ ᠪᠠᠷ ᠤᠷᠮᠠᠰᠢᠭᠤᠯᠤᠭᠴᠢ ᠤᠳᠬᠠᠨᠭᠡᠷᠡᠯ ᠪᠠᠭᠰᠢ ᠭᠡᠯᠡᠭᠰᠡᠨ ᠪᠠᠶᠢᠳᠠᠭ᠃ ᠡᠶᠢᠮᠤ ᠠᠴᠠ ᠦᠭᠭᠦᠶ᠎ᠠ ᠯᠠ ᠭᠡᠰᠡᠨ ᠰᠡᠳᠬᠢᠯ ᠢᠶᠠᠷ ᠴᠢᠷᠮᠠᠶᠢᠯᠳᠠ ᠲᠠᠢ ᠠᠵᠢᠯᠯᠠᠵᠤ ᠠᠮᠢᠳᠤᠷᠠᠳᠠᠭ ᠬᠦᠮᠤᠨ ᠰᠠᠶᠢᠬᠠᠨ ᠰᠠᠨᠠᠭ᠎ᠠ ᠲᠠᠢ ᠪᠠᠶᠢᠵᠤ ᠡᠳᠤᠷᠵᠢᠨ ᠪᠠᠶᠠᠷ ᠲᠠᠢ᠃ ᠡᠭᠦᠨ ᠳᠤ ᠬᠦᠮᠤᠨ ᠤᠷᠢᠳ ᠢᠶᠠᠷ ᠵᠤᠯ ᠵᠢᠷᠭᠠᠯ ᠢ ᠮᠡᠳᠡᠷᠡᠵᠤ᠂ ᠦᠪᠡᠷ ᠲᠡᠭᠡᠨ ᠪᠠᠶᠢᠭ᠎ᠠ ᠵᠦᠢᠯᠡᠰ ᠲᠡᠭᠡᠨ ᠰᠡᠳᠬᠢᠯ ᠬᠠᠨᠤᠵᠤ ᠰᠤᠷᠬᠤ ᠭᠡᠷᠡᠭᠳᠡᠢ᠃

ᠤᠳᠬᠠᠨᠭᠡᠷᠡᠯ ᠪᠠᠭᠰᠢ ᠶᠢᠨ ᠲᠠᠶᠢᠯᠪᠤᠷᠢᠯᠠᠭᠰᠠᠨ ᠢᠶᠠᠷ ᠵᠤᠯ ᠵᠢᠷᠭᠠᠯ ᠲᠠᠢ ᠪᠠᠶᠢᠨ᠎ᠠ ᠭᠡᠳᠡᠭ ᠪᠤᠯ ᠠᠪᠢᠶᠠᠰ ᠢᠶᠠᠨ ᠪᠠᠳᠠᠷᠠᠭᠤᠯᠵᠤ ᠭᠡᠷᠡᠭᠯᠡᠵᠤ ᠴᠢᠳᠠᠭᠰᠠᠨ ᠬᠦᠮᠤᠨ ᠢ ᠭᠡᠯᠡᠨ᠎ᠠ᠃ ᠦᠨᠤᠳᠤᠷ ᠤᠨ ᠤᠯᠠᠩᠬᠢ ᠬᠦᠮᠤᠰ ᠦᠪᠡᠷ ᠤᠨ ᠠᠪᠢᠶᠠᠰ ᠢᠶᠠᠨ ᠪᠠᠳᠠᠷᠠᠭᠤᠯᠵᠤ ᠴᠢᠳᠠᠭ᠎ᠠ ᠦᠭᠡᠢ᠂ ᠵᠦᠪᠭᠡᠨ ᠨᠡᠶᠢᠭᠡᠮ ᠤᠨ ᠭᠠᠳᠠᠭᠠᠳᠤ ᠤᠷᠴᠢᠨ ᠲᠠᠢ ᠤᠴᠢᠵᠤ ᠨᠡᠶᠢᠴᠡᠭᠦ ᠶᠢᠨ ᠲᠦᠯᠤᠭᠡ ᠪᠠᠶ᠎ᠠ ᠪᠠᠨ ᠱᠠᠭᠠᠷᠳᠠᠵᠤ᠂ ᠭᠠᠳᠠᠭᠠᠳᠤ ᠶᠢᠷᠳᠢᠨᠴᠤ ᠶᠢᠨ ᠪᠠᠷᠢᠮᠵᠢᠶ᠎ᠠ ᠪᠠᠷ ᠠᠵᠢᠯᠯᠠᠵᠤ ᠠᠮᠢᠳᠤᠷᠠᠵᠤ ᠶᠠᠪᠤᠳᠠᠭ‌‍ᠲ᠋ᠠᠭᠠᠨ ᠶᠠᠳᠠᠷᠠᠯᠳᠠᠢ ᠪᠠᠶᠢᠳᠠᠭ ᠠᠵᠢ᠃

ᠬᠦᠮᠤᠨ ᠶᠡᠷᠤᠨᠢ ᠶᠠᠭᠤ ᠬᠦᠰᠡᠵᠤ ᠪᠠᠶᠢᠭ᠎ᠠ ᠪᠤᠯ ᠲᠡᠭᠦᠨ ᠢᠶᠠᠨ ᠯᠠ ᠦᠪᠡᠷ ᠠᠴᠠ ᠪᠠᠨ ᠡᠬᠢᠯᠡᠵᠤ ᠬᠢᠭᠦ ᠭᠡᠷᠡᠭᠳᠡᠢ᠃ ᠢᠡᠭᠬᠢᠵᠤ ᠯᠠ ᠶᠠᠭᠤ ᠬᠢᠭᠰᠡᠨ ᠪᠤᠯ ᠶᠠᠭᠤᠨ ᠤ ᠪᠠᠨ ᠬᠠᠷᠢᠭᠤ ᠶᠢ ᠬᠤᠷᠢᠶᠠᠵᠤ ᠠᠪᠴᠢᠷᠠᠳᠠᠭ ᠶᠤᠰᠤᠳᠠᠢ᠃ ᠵᠢᠱᠢᠶᠠᠯᠠᠪᠠᠯ ᠦᠪᠡᠷ ᠲᠡᠭᠡᠨ ᠬᠠᠶᠢᠷ᠎ᠠ ᠭᠡᠷᠡᠭᠳᠡᠢ ᠪᠤᠯ ᠪᠤᠰᠤᠳ ᠢ ᠤᠷᠢᠳ ᠢᠶᠠᠷ ᠬᠠᠶᠢᠷᠠᠯᠠᠵᠤ ᠰᠤᠷᠤᠨ᠎ᠠ᠃ ᠠᠵᠤ ᠠᠬᠤᠢᠢᠯᠠᠯ ᠭᠡᠷᠡᠭᠳᠡᠢ ᠪᠤᠯ ᠤᠷᠢᠳ ᠢᠶᠠᠷ ᠠᠵᠤ ᠠᠬᠤᠢᠢᠯᠠᠯ ᠢᠶᠠᠨ ᠬᠠᠶᠢᠷᠠᠯᠠᠵᠤ ᠠᠬᠤᠢᠢᠯᠠᠵᠤ ᠰᠤᠷᠤᠨ᠎ᠠ᠃ ᠡᠭᠦᠨ ᠤ ᠪᠠᠨ ᠲᠤᠰᠠᠳᠠ ᠪᠤᠰᠤᠳ ᠲᠤ ᠭᠡᠵᠢᠶᠠᠳᠠ ᠪᠡᠯᠭᠡ ᠲᠡᠮᠪᠡᠷᠢᠯ ᠲᠠᠢ ᠦᠭᠡᠳᠡᠷᠭᠡᠭ ᠦᠭᠡ ᠭᠡᠯᠡᠵᠤ᠂ ᠬᠦᠮᠤᠰ ᠲᠠᠢ ᠵᠦᠪ ᠬᠠᠷᠢᠴᠠᠵᠤ ᠶᠠᠪᠤᠬᠤ ᠴᠢᠬᠤᠯᠠᠳᠠᠢ᠃ ᠡᠨᠡ ᠨᠢ ᠪᠤᠰᠤᠳ ᠲᠤ ᠵᠦᠪ ᠡᠨᠧᠷᠬᠢ ᠤᠯᠭᠤᠬᠤ ᠶᠢᠨ ᠲᠠᠭᠠᠤ ᠪᠠᠶ᠎ᠠ ᠳᠡᠭᠡᠨ ᠴᠤ ᠦᠷᠭᠦᠯᠵᠢ ᠵᠦᠪ ᠡᠨᠧᠷᠬᠢ ᠶᠢ ᠰᠢᠩᠭᠡᠭᠡᠨ᠎ᠠ᠃

ᠵᠦᠪ ᠡᠨᠧᠷᠬᠢ ᠰᠡᠳᠬᠢᠯ ᠢ ᠪᠠᠶᠠᠰᠬᠠᠵᠤ ᠪᠠᠶᠠᠷ ᠪᠠᠶᠠᠰᠤᠯ ᠤᠯᠭᠤᠵᠤ ᠴᠢᠳᠠᠨ᠎ᠠ᠃ ᠡ᠊ᠡᠭ ᠤᠨ ᠦᠶ᠎ᠠ ᠳᠤ ᠦᠷᠭᠦᠯᠵᠢ ᠵᠦᠪ ᠰᠠᠨᠠᠵᠤ᠂ ᠴᠠᠭ ᠢ ᠵᠦᠪ ᠢᠶᠠᠷ ᠠᠰᠢᠭᠯᠠᠨ᠂ ᠪᠤᠰᠤᠳ ᠲᠠᠢ ᠨᠠᠶᠢᠷᠰᠠᠭ ᠶᠠᠪᠤᠯᠴᠠᠵᠤ᠂ ᠬᠢᠭᠦ ᠵᠤᠬᠢᠰᠳᠠᠢ ᠵᠦᠢᠯᠡᠰ ᠲᠡᠭᠡᠨ ᠬᠦᠢᠴᠡᠳ ᠴᠢᠷᠮᠠᠶᠢᠵᠤ ᠶᠠᠪᠤᠪᠠᠯ ᠪᠠᠶ᠎ᠠ ᠰᠡᠳᠬᠢᠯ ᠲᠠᠶᠢᠪᠤᠭᠤᠨ ᠪᠠᠶᠢᠵᠤ ᠴᠢᠳᠠᠨ᠎ᠠ᠃ ᠭᠠᠳᠠᠭᠠᠳᠤ ᠶᠢᠷᠳᠢᠨᠴᠤ ᠶᠢᠨ ᠪᠤᠷᠤᠭᠤ ᠡᠨᠧᠷᠬᠢ ᠶᠢ ᠬᠦᠷᠳᠡᠯ ᠦᠭᠡᠢ᠂ ᠦᠪᠡᠷ ᠲᠡᠭᠡᠨ ᠲᠠᠭᠠᠰᠢᠶᠠᠭᠳᠠᠭᠰᠠᠨ ᠠᠮᠢᠳᠤᠷᠠᠯ ᠳᠠᠭᠠᠨ ᠦᠭᠡᠳᠡᠷᠭᠡᠭ ᠰᠡᠳᠬᠢᠯᠭᠡ ᠲᠠᠢ ᠠᠵᠢᠯᠯᠠᠵᠤ ᠠᠮᠢᠳᠤᠷᠠᠪᠠᠯ ᠪᠠᠶ᠎ᠠ ᠰᠡᠳᠬᠢᠯ ᠡᠷᠡᠭᠦᠯ ᠰᠠᠶᠢᠬᠠᠨ ᠪᠠᠶᠢᠵᠤ ᠴᠢᠳᠠᠬᠤ ᠶᠢᠨ ᠪᠠᠰᠠ ᠨᠢᠭᠡ ᠤᠬᠠᠭᠠᠨ ᠪᠤᠶᠤ᠃(ᠪᠠᠶᠠᠨᠴᠠᠴᠡᠭ)

ᠢᠷᠡᠯᠳᠡ : 

 ᠤᠷᠳᠤᠰ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ