9 ᠰᠠᠷ᠎ᠠ ᠶᠢᠨ 20 ᠠᠴᠠ 21 ᠤ ᠡᠳᠦᠷ ᠪᠤᠯᠳᠠᠯ᠎ᠠ ᠰᠢᠯᠢᠩᠬᠤᠳᠠ ᠳᠤ ᠶᠠᠪᠤᠭᠳᠠᠭᠰᠠᠨ 2019 ᠤᠨ ᠤ ᠪᠦᠬᠦ ᠤᠷᠤᠨ ᠤ ᠲᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠬᠢᠨᠭ᠍ᠭᠠᠨ ᠠᠶᠢᠮᠠᠭ ᠤᠨ ᠤᠷᠤᠯᠴᠠᠭᠰᠠᠨ ᠴᠤᠷ ᠤᠨ ᠭᠠᠭᠴᠠ ᠲᠦᠯᠦᠭᠡᠯᠡᠭᠴᠢ ᠶᠢᠨ ᠠᠩᠬᠢ ᠪᠤᠯᠬᠤ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠲᠦᠯᠢᠶᠡᠮᠤᠳᠤ ᠲᠤᠮᠳᠠᠳᠤ ᠰᠤᠷᠭᠠᠭᠤᠯᠢ ᠶᠢᠨ ᠲᠦᠯᠦᠭᠡᠯᠡᠭᠴᠢ ᠶᠢᠨ ᠠᠩᠬᠢ ᠶᠢᠨ ᠠᠩᠬ᠎ᠠ ᠲᠤᠮᠳᠠᠳᠤ ᠶᠢᠨ ᠲᠤᠭᠤᠢᠢᠯᠠᠩ ᠤᠨ ᠡᠷᠡᠭᠲᠡᠢ ᠶᠢᠨ ᠪᠦᠯᠬᠦᠮ ᠨᠢᠭᠡᠴᠢ ᠶᠢᠨ ᠤᠷᠤᠯᠳᠤᠭᠠᠨ ᠳᠤ ᠭᠤᠷᠪᠠᠳᠤᠭᠠᠷ ᠨᠡᠷ᠎ᠡ ᠳᠤ ᠲᠤᠳᠤᠷᠠᠭᠰᠠᠨ ᠰᠠᠶᠢᠨ ᠬᠢᠷᠢ ᠪᠦᠲᠦᠮᠵᠢ ᠤᠯᠵᠠᠢ᠃ 

ᠲᠤᠷᠠᠳᠤᠭᠤᠰᠢᠲᠠᠢ ᠨᠢ᠂ ᠲᠤᠰ ᠰᠤᠷᠭᠠᠭᠤᠯᠢ ᠶᠢᠨ ᠲᠦᠯᠦᠭᠡᠯᠡᠭᠴᠢ ᠶᠢᠨ ᠠᠩᠬᠢ ᠶᠢᠨ ᠭᠤᠤᠯ ᠰᠤᠷᠭᠠᠭᠴᠢ ᠯᠢᠦ ᠳ᠋ᠢᠶᠠᠨ ᠮᠢᠩ ᠪᠤᠯ ᠮᠤᠩᠭᠤᠯ ᠪᠦᠬᠡ ᠶᠢ ᠡᠬᠢᠯᠡᠨ ᠰᠤᠷᠤᠯᠴᠠᠭᠠᠳ ᠲᠦᠡᠭᠭᠡᠵᠢ ᠲᠦᠷᠪᠡᠬᠡᠨ ᠵᠢᠯ ᠪᠤᠯᠵᠤ ᠪᠠᠶᠢᠭ᠎ᠠ ᠬᠢᠳᠠᠳ ᠪᠠᠭᠰᠢ ᠪᠤᠯᠬᠤ ᠪᠦᠭᠡᠳ ᠠᠩᠬ᠎ᠠ ᠤᠳᠠᠭ᠎ᠠ ᠰᠤᠷᠭᠠᠭᠤᠯᠢ ᠶᠢᠨ ᠢᠶᠠᠨ ᠪᠦᠬᠡ ᠶᠢᠨ ᠪᠠᠭ ᠢᠶᠠᠨ ᠲᠠᠭᠠᠭᠤᠯᠤᠨ ᠤᠷᠤᠨ ᠤ ᠴᠢᠨᠠᠷᠳᠠᠢ ᠤᠷᠤᠯᠳᠤᠭᠠᠨ ᠲᠡᠮᠡᠴᠡᠭᠡᠨ ᠳᠤ ᠤᠷᠤᠯᠴᠠᠵᠤ ᠪᠠᠶᠢᠭ᠎ᠠ ᠨᠢ ᠡᠨᠡ ᠪᠢᠯᠡ᠃ ᠪᠦᠬᠦ ᠤᠷᠤᠨ ᠤ ᠲᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠪᠤᠯ ᠮᠠᠨ ᠤ ᠤᠷᠤᠨ ᠤ ᠬᠠᠮᠤᠭ ᠤᠨ ᠦᠷᠭᠡᠨ ᠬᠡᠪᠴᠢᠶ᠎ᠡ ᠪᠦᠬᠦᠢ ᠲᠤᠮᠳᠠᠳᠤ ᠰᠤᠷᠭᠠᠭᠤᠯᠢ ᠶᠢᠨ ᠱᠠᠲᠤᠨ ᠤ ᠮᠤᠩᠭᠤᠯ ᠪᠦᠬᠡ ᠶᠢᠨ ᠤᠷᠤᠯᠳᠤᠭᠠᠨ ᠲᠡᠮᠡᠴᠡᠭᠡᠨ ᠪᠠᠶᠢᠵᠤ᠂ ᠬᠦᠬᠡᠬᠤᠳᠠ᠂ ᠪᠤᠭᠤᠳᠤ᠂ ᠲᠦᠡᠭᠯᠢᠶᠤᠤ᠂ ᠬᠦᠯᠦᠨ ᠪᠤᠶᠢᠷ᠂ ᠬᠢᠨᠭ᠍ᠭᠠᠨ᠂ ᠤᠯᠠᠭᠠᠨᠬᠠᠳᠠ ᠪᠤᠯᠤᠨ ᠰᠢᠯᠢ ᠶᠢᠨ ᠭᠤᠤᠯ ᠵᠡᠷᠭᠡ ᠠᠶᠢᠮᠠᠭ ᠬᠤᠲᠠ ᠶᠢᠨ ᠡᠯ᠎ᠠ ᠬᠤᠰᠢᠭᠤ ᠰᠢᠶᠠᠨ ᠲᠤᠭᠤᠷᠢᠭ ᠤᠨ 15 ᠰᠤᠷᠭᠠᠭᠤᠯᠢ ᠶᠢᠨ 22 ᠲᠦᠯᠦᠭᠡᠯᠡᠭᠴᠢ ᠶᠢᠨ ᠠᠩᠬᠢ ᠶᠢᠨ 180 ᠰᠢᠬᠠᠮ ᠲᠠᠮᠢᠷᠴᠢᠨ ᠤᠷᠤᠯᠴᠠᠬᠰᠡᠨ ᠨᠢ ᠠᠩᠬ᠎ᠠ ᠤᠳᠠᠭ᠎ᠠ ᠤᠷᠤᠨ ᠤ ᠬᠡᠪᠴᠢᠶᠡᠨ ᠤ ᠲᠤᠮᠤ ᠤᠷᠤᠯᠳᠤᠭᠠᠨ ᠳᠤ ᠤᠷᠤᠯᠴᠠᠬᠤ ᠪᠤᠯᠤᠭᠰᠠᠨ ᠯᠢᠦ ᠳ᠋ᠢᠶᠠᠨ ᠮᠢᠩ ᠳᠤ ᠠᠪᠴᠤ ᠬᠡᠯᠡᠪᠡᠯ ᠬᠠᠳᠠᠭᠤ ᠰᠢᠯᠭᠠᠯᠳᠠ ᠪᠠᠶᠢᠭᠰᠠᠨ ᠪᠦᠭᠡᠳ ᠵᠤᠷᠢᠭᠳᠠᠢ ᠰᠤᠩᠭᠤᠯᠳᠠ ᠪᠤᠯᠬᠤ ᠶᠢ ᠤᠷᠤᠯᠳᠤᠭᠠᠨ ᠤ ᠳ᠋ᠦᠡᠭ ᠬᠠᠷᠠᠭᠤᠯᠤᠯ᠎ᠠ᠃

《ᠨᠢᠭᠤᠯ ᠦᠭᠡᠢ ᠬᠡᠯᠡᠬᠦ ᠳᠤ ᠲᠤᠬᠠᠢ ᠶᠢᠨ ᠦᠶ᠎ᠡ ᠳᠤ ᠪᠢᠳᠡ ᠲᠤᠮᠤ ᠤᠷᠤᠯᠳᠤᠭᠠᠨ ᠳᠤ ᠤᠷᠤᠯᠴᠠᠬᠤ ᠶᠢ ᠯᠡ ᠪᠤᠳᠤᠭᠰᠠᠨ ᠠᠴᠠ ᠪᠢᠰᠢ᠂ ᠱᠠᠩᠨᠠᠯ ᠡᠨᠡ ᠲᠡᠷᠡ ᠶᠢ ᠲᠤᠭᠠᠴᠠᠯᠠᠭᠰᠠᠨ ᠦᠭᠡᠢ᠂ ᠤᠴᠢᠷ ᠨᠢ ᠪᠢ ᠦᠪᠡᠷ ᠤᠨ ᠮᠡᠷᠭᠡᠵᠢᠯ ᠴᠢᠳᠠᠪᠤᠷᠢ ᠬᠢᠷᠢ ᠵᠡᠷᠭᠡ ᠭᠡᠰᠡᠨ ᠢᠶᠠᠨ ᠮᠡᠳᠡᠨ᠎ᠡ᠃ ᠬᠠᠷᠢᠨ ᠰᠤᠷᠤᠭᠴᠢᠳ ᠤᠨ ᠮᠠᠨᠢ ᠪᠤᠯᠪᠠᠰᠤᠷᠠᠭᠰᠠᠨ ᠤ ᠰᠠᠶᠢᠨ᠂ ᠰᠤᠷᠭᠠᠭᠤᠯᠢ ᠶᠢᠨ ᠤᠯᠠᠨ ᠬᠦᠮᠦᠰ ᠤᠨ ᠲᠡᠮᠵᠢᠭᠰᠡᠨ ᠤ ᠠᠴᠢ ᠪᠠᠷ ᠡᠨᠡ ᠤᠳᠠᠭ᠎ᠠ ᠱᠠᠩᠨᠠᠯ ᠬᠦᠷᠳᠡᠴᠢᠬᠡᠯ᠎ᠡ᠂ ᠮᠠᠰᠢ ᠪᠠᠶᠠᠷᠯᠠᠵᠤ ᠪᠠᠶᠢᠨ᠎ᠠ᠂ ᠬᠠᠷᠢᠭᠠᠳ ᠤᠯᠠᠮ ᠰᠠᠶᠢᠨ ᠪᠤᠯᠪᠠᠰᠤᠷᠠᠨ᠎ᠠ》 ᠭᠡᠵᠦ ᠯᠢᠤ ᠳ᠋ᠢᠶᠠᠨ ᠮᠢᠩ ᠪᠠᠭᠰᠢ ᠰᠤᠷᠪᠤᠯᠵᠢᠯᠠᠬᠴᠢ ᠳᠤ ᠶᠠᠷᠢᠵᠤ ᠭᠠᠷᠤᠯ᠎ᠠ᠃ 

ᠮᠠᠯᠵᠢᠬᠤ ᠤᠷᠤᠨ ᠳᠤ ᠲᠦᠷᠦᠵᠤ ᠦᠰᠦᠭᠰᠡᠨ ᠯᠢᠦ ᠳ᠋ᠢᠶᠠᠨ ᠮᠢᠩ ᠬᠡᠳᠦ᠋ᠢᠪᠡᠷ ᠬᠢᠳᠠᠳ ᠦᠨᠳᠦᠰᠦᠳᠡᠨ ᠪᠤᠯᠪᠠᠴᠤ ᠮᠤᠩᠭᠤᠯ ᠨᠤᠳᠤᠭ ᠤᠨ ᠨᠠᠶᠢᠷ ᠨᠠᠭᠠᠳᠤᠮ ᠢᠶᠠᠷ ᠤᠯᠠᠨᠳᠠ ᠬᠦᠷᠴᠤ ᠪᠠᠶᠢᠭᠰᠠᠨ ᠪᠦᠭᠡᠳ ᠪᠠᠭ᠎ᠠ ᠠᠴᠠ ᠪᠠᠨ ᠨᠡᠷᠡᠳᠤ ᠰᠠᠶᠢᠨ ᠪᠦᠬᠡᠴᠤᠳ ᠢ ᠪᠠᠭ᠋ᠠᠷᠬᠠᠨ ᠮᠤᠩᠭᠤᠯ ᠪᠦᠭᠡ ᠳᠤ ᠲᠤᠷ᠎ᠠ ᠪᠠᠭ᠋ᠠᠳᠠᠢ ᠲᠠᠢ ᠪᠤᠯᠵᠠᠢ᠃ ᠲᠡᠷᠡ ᠶᠡᠭᠡ ᠰᠤᠷᠭᠠᠭᠤᠯᠢ ᠪᠠᠨ ᠰᠠᠭᠰᠤᠨ ᠪᠦᠮᠪᠦᠬᠡᠨ ᠤ ᠮᠡᠷᠭᠡᠵᠢᠯ ᠢᠶᠠᠷ ᠲᠡᠭᠦᠰᠴᠤ᠂ 2004 ᠤᠨ ᠳᠤ ᠠᠵᠢᠯ ᠤᠨ ᠭᠠᠷᠤᠭ᠎ᠠ ᠪᠠᠨ ᠠᠪᠤᠭᠰᠠᠨ ᠠᠴᠠ ᠨᠠᠭᠠᠰᠢ ᠡᠳᠦᠬᠡ ᠪᠤᠯᠳᠠᠯ᠎ᠠ ᠲᠦᠯᠢᠶᠡᠮᠤᠲᠤ ᠲᠤᠮᠳᠠᠳᠤ ᠰᠤᠷᠭᠠᠭᠤᠯᠢ ᠶᠢᠨ ᠲᠠᠮᠢᠷ ᠤᠨ ᠪᠠᠭᠰᠢ ᠶᠢᠨ ᠠᠵᠢᠯ ᠠᠯᠪᠠ ᠶᠢ ᠬᠠᠷᠢᠭᠤᠴᠠᠵᠤ ᠢᠷᠡᠵᠠᠢ᠃ 2014 ᠤᠨ ᠠᠴᠠ ᠡᠬᠢᠯᠡᠨ ᠨᠢᠭᠡ ᠪᠦᠯᠦᠭ ᠪᠦᠬᠡ ᠳᠤ ᠲᠤᠷ᠎ᠠ ᠪᠠᠭ᠋ᠠᠲᠠᠢ ᠮᠤᠩᠭᠤᠯ ᠰᠤᠷᠤᠭᠴᠢᠳ ᠲᠠᠢ ᠴᠤᠭ ᠢᠶᠠᠷ ᠮᠤᠩᠭᠤᠯ ᠪᠦᠬᠡ ᠪᠠᠷᠢᠯᠳᠤᠬᠤ ᠤᠷ᠎ᠠ ᠮᠡᠷᠭᠡᠵᠢᠯ ᠢ ᠰᠤᠳᠤᠯᠤᠨ ᠰᠤᠷᠤᠯᠴᠠᠬᠤ ᠵᠠᠪᠰᠢᠶᠠᠨ ᠤᠯᠳᠠᠵᠤ᠂ ᠬᠢᠴᠢᠶᠡᠯ ᠤᠨ ᠭᠠᠳᠠᠨᠠᠬᠢ ᠰᠤᠯᠠ ᠰᠡᠯᠡᠭᠦᠦ ᠴᠠᠭ ᠢᠶᠠᠷ ᠢᠶᠠᠨ ᠮᠤᠩᠭᠤᠯ ᠪᠦᠬᠡ ᠪᠤᠯᠪᠠᠰᠤᠷᠠᠳᠠᠭ ᠪᠤᠯᠪᠠ᠃ ᠶᠠᠪᠤᠭᠠᠨ ᠳᠠᠭᠠᠨ ᠪᠠᠰᠠ ᠬᠤᠰᠢᠭᠤ ᠪᠤᠶᠤ ᠠᠶᠢᠮᠠᠬ ᠤᠨ ᠢᠶᠠᠨ ᠬᠡᠪᠴᠢᠶᠡᠨ ᠳᠤ ᠪᠤᠯᠤᠭᠰᠠᠨ ᠬᠡᠳᠤ ᠬᠡᠳᠤᠨ ᠤᠳᠠᠭᠠᠨ ᠤ ᠤᠷᠤᠯᠳᠤᠭᠠᠨ ᠳᠤ ᠱᠠᠩᠨᠠᠯᠳᠤ ᠪᠠᠶᠢᠷᠢᠨ ᠳᠤ ᠤᠷᠤᠭᠰᠠᠨ ᠶᠠᠪᠤᠳᠠᠯ ᠨᠢ ᠲᠡᠭᠦᠨ ᠢ ᠤᠯᠠᠮ ᠢᠯᠡᠭᠦᠦ ᠵᠤᠷᠢᠭᠵᠢᠭᠤᠯᠤᠭᠰᠠᠨ ᠪᠠᠶᠢᠵᠠᠢ᠃ 

ᠤᠷᠤᠯᠳᠤᠭᠠᠨ ᠤ ᠲᠠᠯᠠᠪᠠᠢ ᠳᠤ ᠰᠠᠨᠠᠭᠠᠨ ᠦᠭᠡᠢ ᠠᠭᠤᠯᠵᠠᠭᠰᠠᠨ ᠡᠨᠡ ᠬᠢᠳᠠᠳ ᠪᠠᠭᠰᠢ ᠶᠢᠨ ᠦᠭᠡ ᠶᠠᠷᠢᠶ᠎ᠠ ᠬᠡᠳᠦ᠋ᠢᠪᠡᠷ ᠤᠬᠤᠷ ᠠᠪᠰᠠᠷᠬᠠᠨ ᠪᠠᠶᠢᠭᠰᠠᠨ ᠴᠤ ᠲᠡᠭᠦᠨ ᠤ ᠲᠡᠷᠡ ᠬᠦ ᠲᠠᠮᠢᠷ ᠤᠨ ᠦᠢᠯᠡᠰ ᠮᠤᠩᠭᠤᠯ ᠪᠦᠬᠡ ᠬᠡᠰᠡᠨ ᠬᠠᠯᠠᠭᠤᠨ ᠰᠡᠳᠬᠢᠯ ᠬᠠᠯᠬᠢᠯᠠᠮ᠎ᠠ ᠲᠠᠩᠰᠤᠭ ᠪᠠᠶᠢᠯ᠎ᠠ᠃

ᠰᠤᠷᠪᠤᠯᠵᠢᠯᠠᠭ᠎ᠠ ᠶᠢᠨ ᠲᠡᠭᠦᠰᠭᠡᠯ ᠳᠤ ᠲᠡᠷᠡ ᠪᠠᠰᠠ᠄《ᠮᠠᠨ ᠤ ᠰᠤᠷᠭᠠᠭᠤᠯᠢ ᠳᠤ ᠮᠤᠩᠭᠤᠯ ᠬᠢᠳᠠᠳ ᠰᠤᠷᠤᠭᠴᠢ ᠨᠡᠶᠢᠯᠡᠭᠡᠳ 470 ᠭᠠᠷᠤᠢ ᠬᠦᠮᠦᠨ ᠪᠤᠢ᠂ ᠡᠨᠡ ᠤᠳᠠᠭᠠᠨ ᠤ ᠱᠠᠩᠨᠠᠯ ᠨᠡᠩ ᠤᠯᠠᠨ ᠰᠤᠷᠤᠭᠴᠢᠳ ᠤᠨ ᠮᠤᠩᠭᠤᠯ ᠪᠦᠬᠡ ᠪᠠᠷᠢᠯᠳᠤᠬᠤ ᠤᠷᠮ᠎ᠠ ᠶᠢ ᠲᠠᠶᠢᠴᠢᠯᠠᠬᠤ ᠪᠤᠯᠤᠨ᠎ᠠ ᠭᠡᠳᠡᠭ ᠲᠤ ᠢᠳᠡᠭᠡᠯ ᠲᠠᠢ ᠪᠠᠶᠢᠨ᠎ᠠ》 ᠭᠡᠵᠦ ᠪᠠᠶᠢᠯ᠎ᠠ᠃

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ