ᠨᠠᠮᠤᠷ ᠪᠤᠯᠪᠠᠯ ᠠᠭᠤᠷ ᠠᠮᠢᠰᠬᠤᠯ ᠮᠡᠳᠡᠭᠳᠡᠮ᠎ᠡ ᠰᠡᠷᠢᠬᠦᠭᠡᠨ ᠪᠤᠯᠵᠤ᠂ ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠤᠳᠠᠭᠠᠰᠢᠷᠠᠵᠤ᠂ ᠠᠮᠠᠷᠬᠠᠨ ᠬᠢᠮᠤᠷᠠᠳᠠᠭ᠃ ᠡᠬᠦᠨ ᠠᠴᠠ ᠭᠠᠳᠠᠨ᠎ᠠ ᠪᠠᠰᠠ ᠨᠢᠭᠤᠷ ᠤᠨ ᠠᠷᠠᠰᠤ ᠬᠠᠭᠤᠷᠠᠶᠢᠰᠢᠬᠤ ᠪᠤᠶᠤ ᠬᠡᠳᠡᠰᠣ ᠡᠪᠡᠳᠴᠦ ᠰᠠᠭᠤᠯᠭᠠᠬᠤ ᠵᠡᠷᠬᠡ ᠦᠵᠡᠭᠳᠡᠯ ᠢᠯᠡᠷᠡᠨ᠎ᠠ᠃ ᠢᠳᠡᠰᠢᠨ ᠨᠤᠭᠤᠭ᠎ᠠ ᠨᠢ ᠪᠡᠶ᠎ᠡ ᠳᠤ ᠲᠤᠰᠠᠳᠠᠢ ᠮᠦᠷᠳᠡᠬᠡᠨ ᠵᠠᠷᠢᠮ ᠡᠪᠡᠳᠴᠢᠨ ᠢ ᠵᠠᠰᠠᠬᠤ ᠤᠨᠴᠠᠭᠠᠢ ᠦᠢᠯᠡᠳᠦᠯ ᠲᠠᠢ᠃

ᠬᠢᠮᠤᠷᠠᠬᠤ ᠠᠴᠠ ᠰᠡᠷᠬᠡᠶᠢᠯᠡᠬᠦ᠄ ᠡᠰᠢᠨ ᠰᠢᠯᠦᠬᠡᠢ ᠨᠤᠭᠤᠭ᠎ᠠ ᠪᠠ ᠴᠡᠴᠡᠭᠳᠣ ᠴᠠᠭᠠᠨ ᠨᠤᠭᠤᠭ᠎ᠠ ᠨᠢ ᠬᠢᠮᠤᠷᠠᠬᠤ ᠠᠴᠠ ᠰᠡᠷᠬᠡᠶᠢᠯᠡᠬᠦ ᠮᠦᠷᠳᠡᠬᠡᠨ ᠴᠢᠰᠤᠨ ᠰᠤᠳᠠᠯ ᠢ ᠴᠡᠪᠡᠷᠰᠢᠬᠦᠯᠳᠡᠭ᠃ ᠡᠰᠢᠨ ᠰᠢᠯᠦᠬᠡᠢ ᠨᠤᠭᠤᠭᠠᠨ ᠤ ᠲᠤᠳᠤᠷᠠᠬᠢ ᠢᠤᠳ᠋ ᠶᠢᠨ ᠠᠭᠤᠯᠤᠭᠳᠠᠴᠠ ᠨᠢ ᠦᠨᠳᠦᠷ ᠪᠠᠶᠢᠵᠤ᠂ ᠬᠦᠮᠦᠨ ᠤ ᠪᠡᠶ᠎ᠡ ᠶᠢᠨ ᠦᠨᠳᠦᠰᠦᠨ ᠰᠤᠯᠢᠯᠴᠠᠭ᠎ᠠ ᠪᠡ ᠪᠤᠶᠢᠵᠢᠯᠳᠡ ᠳᠤ ᠠᠰᠢᠭᠳᠠᠢ᠃2. ᠨᠢᠭᠤᠷ ᠲᠡᠬᠡᠷ᠎ᠡ ᠶᠠᠷ᠎ᠠ ᠭᠠᠷᠬᠤ ᠠᠴᠠ ᠰᠡᠷᠬᠡᠶᠢᠯᠡᠬᠦ᠄ ᠲᠦᠬᠦᠬᠡᠢ ᠨᠤᠭᠤᠭ᠎ᠠ ᠶᠢ ᠢᠯᠡᠬᠦᠦ ᠢᠳᠡᠪᠡᠯ ᠠᠷᠠᠰᠤᠨ ᠳᠤ ᠤᠰᠤ ᠨᠦᠬᠦᠪᠦᠷᠢᠯᠡᠵᠤ᠂ ᠶᠠᠷ᠎ᠠ ᠭᠠᠷᠬᠤ ᠠᠴᠠ ᠰᠡᠷᠬᠡᠶᠢᠯᠡᠵᠤ ᠴᠢᠳᠠᠨ᠎ᠠ᠃ ᠭᠠᠰᠢᠭᠤᠨ ᠬᠡᠮᠬᠡ ᠳᠤ ᠦᠮᠡᠨ ᠠᠴᠠ ᠰᠡᠷᠬᠡᠶᠢᠯᠡᠬᠦ ᠡᠯᠧᠮᠧᠨ᠋ᠲ ᠠᠭᠤᠯᠤᠭᠳᠠᠵᠤ᠂ ᠪᠡᠶ᠎ᠡ ᠳᠠᠬᠢ ᠬᠤᠤᠷᠳᠤ ᠡᠯᠧᠮᠧᠨ᠋ᠲ ᠢ ᠠᠷᠢᠯᠭᠠᠬᠤ ᠣᠶᠢᠯᠡᠳᠦᠯ ᠲᠠᠢ ᠪᠠᠶᠢᠳᠠᠭ᠃

ᠰᠢᠩᠭᠡᠭᠡᠯᠳᠡ ᠮᠠᠭᠤᠳᠠᠬᠤ ᠠᠴᠠ ᠰᠡᠷᠬᠡᠶᠢᠯᠡᠬᠦ᠄ ᠭᠤᠭᠤᠳ ᠲᠤ ᠬᠤᠯᠤᠤᠪᠠᠩ ᠤᠨ ᠡᠳ᠋᠂ ᠤᠭᠤᠷᠠᠭ᠂ ᠬᠦᠬᠦᠷᠳᠤ ᠨᠢᠬᠡᠳᠪᠤᠷᠢ ᠡᠯᠪᠡᠭ ᠠᠭᠤᠯᠤᠭᠳᠠᠵᠤ᠂ ᠢᠳᠡᠬᠦ ᠲᠤᠷᠠᠰᠢᠯ ᠢ ᠨᠡᠮᠡᠭᠳᠡᠬᠦᠯᠳᠡᠭ᠃ ᠦᠨᠦᠷᠳᠤ ᠨᠤᠭᠤᠭ᠎ᠠ ᠢᠳᠡᠬᠦ ᠲᠤᠷᠠᠰᠢᠯ ᠢ ᠰᠠᠶᠢᠵᠢᠷᠠᠭᠤᠯᠵᠤ᠂ ᠰᠢᠩᠭᠡᠭᠡᠯᠳᠡ ᠶᠢ ᠠᠬᠢᠭᠤᠯᠬᠤ ᠵᠡᠷᠬᠡ ᠤᠶᠢᠯᠡᠳᠦᠯ ᠲᠠᠢ᠃ ᠵᠤᠬᠢᠬᠤ ᠬᠡᠮᠵᠢᠶᠡᠨ ᠤ ᠦᠨᠦᠷᠳᠣ ᠨᠤᠭᠤᠭ᠎ᠠ ᠢᠳᠡᠬᠦ ᠨᠢ ᠬᠤᠳᠤᠭᠤᠳᠤ ᠡᠪᠡᠳᠬᠦ ᠶᠢ ᠨᠠᠮᠳᠠᠭᠠᠬᠤ ᠦᠢᠯᠡᠳᠦᠯ ᠲᠠᠢ᠃

ᠬᠠᠯᠠᠭᠤᠳᠠᠬᠤ ᠠᠴᠠ ᠰᠡᠷᠬᠡᠶᠢᠯᠡᠬᠦ᠄ ᠦᠷᠬᠡᠰᠦᠳᠣ ᠨᠤᠭᠤᠭ᠎ᠠ ᠢᠳᠡᠪᠡᠯ ᠵᠠᠪᠠᠵᠢ ᠶᠢᠨ ᠰᠢᠷᠬᠠᠯᠠᠭ᠎ᠠ᠂ ᠤᠷᠤᠭᠤᠯ ᠤᠨ ᠦᠷᠪᠢᠰᠦᠯ᠂ ᠬᠡᠯᠡᠨ ᠤ ᠦᠷᠪᠢᠰᠦᠯ ᠵᠡᠷᠬᠡ ᠶᠢ ᠰᠡᠷᠬᠡᠶᠢᠯᠡᠳᠡᠭ᠃ ᠲᠦᠪᠡᠳ ᠬᠠᠰᠢ ᠨᠢ ᠬᠠᠯᠠᠭᠤᠨ ᠢ ᠲᠠᠭᠤᠵᠤ ᠬᠤᠤᠷ ᠲᠠᠶᠢᠯᠬᠤ᠂ ᠤᠷᠤᠭᠤᠯ ᠠᠮᠠ ᠬᠠᠳᠠᠭᠤ᠂ ᠢᠳᠡᠬᠡᠨ ᠤ ᠲᠤᠷᠠᠰᠢᠯ ᠮᠠᠭᠤᠳᠠᠬᠤ᠂ ᠠᠮᠠ ᠭᠠᠰᠢᠭᠤᠷᠠᠬᠤ ᠵᠡᠷᠬᠡ ᠡᠪᠡᠳᠴᠢᠨ ᠢ ᠡᠳᠡᠬᠡᠬᠦ ᠤᠶᠢᠯᠡᠳᠦᠯ ᠲᠠᠢ᠃

ᠰᠡᠷᠢᠬᠦᠨ ᠢ ᠲᠠᠭᠤᠬᠤ᠄ ᠨᠠᠮᠤᠷ ᠤᠨ ᠲᠤᠮᠳᠠᠴᠢ ᠪᠠᠷ ᠰᠡᠷᠢᠬᠦᠨ ᠢ ᠲᠠᠭᠤᠬᠤ ᠴᠠᠭᠠᠨ ᠦᠩᠭᠡᠳᠣ ᠢᠳᠡᠰᠢᠨ ᠨᠤᠭᠤᠭ᠎ᠠ ᠢᠳᠡᠪᠡᠯ ᠵᠤᠬᠢᠨ᠎ᠠ᠃ ᠨᠠᠮᠤᠷ ᠤᠨ ᠤᠯᠠᠷᠢᠯ ᠳᠤ ᠬᠦᠮᠦᠨ ᠡᠷᠬᠡᠪᠰᠢ ᠲᠡᠯᠢᠬᠦᠦ ᠬᠤᠳᠤᠭᠤᠳᠤ ᠪᠠᠨ ᠰᠠᠶᠢᠳᠤᠷ ᠬᠠᠮᠠᠭᠠᠯᠠᠵᠤ ᠡᠪᠤᠯ ᠤᠨ ᠤᠯᠠᠷᠢᠯ ᠳᠤ ᠪᠡᠯᠡᠳᠬᠡᠯ ᠬᠢᠬᠦ ᠬᠡᠷᠡᠭᠳᠡᠢ ᠪᠠᠶᠢᠳᠠᠭ᠃

ᠦᠳᠡᠯᠬᠦ ᠠᠴᠠ ᠰᠡᠷᠬᠡᠶᠢᠯᠡᠬᠦ᠄ ᠨᠠᠮᠤᠷ ᠤᠨ ᠤᠯᠠᠷᠢᠯ ᠳᠤ ᠯᠢᠩᠬᠸ᠎ᠠ ᠶᠢᠨ ᠦᠨᠳᠦᠰᠣ ᠢᠳᠡᠬᠦ ᠨᠢ ᠡᠬᠡᠯᠢᠯᠡᠬᠦ ᠴᠢᠳᠠᠪᠤᠷᠢ ᠶᠢ ᠲᠡᠭᠡᠭᠰᠢᠯᠡᠬᠦᠯᠵᠤ᠂ ᠦᠳᠡᠯᠬᠦ ᠠᠴᠠ ᠰᠡᠷᠭᠡᠶᠢᠯᠡᠳᠡᠭ᠃ 

ᠢᠷᠡᠯᠳᠡ : 

 ᠲᠦᠪ ᠲᠸ᠋ᠯᠸᠢᠰ ᠦᠨ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ