ᠲᠡᠯᠡᠭᠡᠢ ᠶᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠮᠡᠳᠡᠬᠦᠯᠦᠯᠳᠡ ᠳᠤ ᠭᠡᠯᠡᠬᠦ ᠪᠠᠷ᠂ ᠰᠫᠢᠷᠲ ᠬᠦᠮᠦᠨ ᠢᠰᠢᠨᠤᠯ ᠲᠠᠢ ᠪᠤᠯᠭᠠᠳᠠᠭ ᠢᠶᠠᠷ ᠪᠠᠷᠠᠬᠤ ᠦᠭᠡᠢ᠂ ᠡᠯᠢᠭᠡᠨ ᠤ ᠬᠠᠳᠠᠭᠤᠷᠠᠯ᠂ ᠰᠦᠷᠢᠶ᠎ᠡ ᠪᠠ ᠵᠠᠷᠢᠮ ᠦᠮᠡᠨ ᠵᠡᠷᠭᠡ 200 ᠭᠠᠷᠤᠢ ᠵᠦᠢᠯ ᠤᠨ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠳᠡᠭ᠃ ᠭᠧᠷᠮᠠᠨ ᠤ ᠨᠢᠭᠡᠨ ᠰᠤᠳᠤᠯᠭᠠᠨ ᠳᠤ ᠬᠠᠷᠠᠭᠤᠯᠤᠭᠰᠠᠨ ᠢᠶᠠᠷ᠂ᠦᠷᠬᠦᠯᠵᠢ ᠠᠷᠢᠬᠢ ᠤᠤᠭᠤᠳᠠᠭ ᠬᠦᠮᠦᠨ ᠠᠷᠢᠬᠢ ᠤᠤᠭᠤᠳᠠᠭ ᠦᠭᠡᠢ ᠬᠦᠮᠦᠨ ᠲᠠᠢ ᠬᠠᠷᠢᠴᠠᠭᠤᠯᠪᠠᠯ 20 ᠵᠢᠯ ᠤᠬᠤᠷ ᠨᠠᠰᠤᠯᠠᠨ᠎ᠠ᠃

 ᠠᠩᠭ᠍ᠯᠢ ᠶᠢᠨ ᠰᠤᠳᠤᠯᠭᠠᠳᠠᠳ 500 ᠭᠠᠷᠤᠢ ᠠᠷᠢᠬᠢ ᠤᠤᠭᠤᠭᠰᠠᠳ ᠲᠤ ᠪᠠᠶᠢᠴᠠᠭᠠᠯᠳᠠ ᠬᠢᠭᠡᠳ ᠳᠤᠮᠳᠠ ᠵᠡᠷᠭᠡ ᠶᠢᠨ ᠠᠷᠢᠬᠢᠤᠤᠭᠤᠭᠰᠠᠳ ᠴᠤ ᠶᠡᠭᠡ ᠳᠠᠷᠢᠬᠢᠨ ᠤ ᠬᠢᠨᠢ ᠬᠦᠩᠬᠦᠷ ᠤᠨ ᠨᠡᠭᠡᠳᠡᠰᠦ ︵ᠳᠤᠷᠠᠰᠢᠯ᠂ ᠡᠵᠡᠨ ᠮᠡᠳᠡᠵᠦ ᠬᠢᠬᠦ ᠮᠡᠳᠡᠷᠡᠯ ᠤᠨ ᠬᠦᠳᠡᠯᠭᠡᠭᠡᠨ ᠢ ᠡᠵᠡᠮᠳᠡᠳᠡᠭ︶᠎ ᠨᠢ ᠮᠦᠨ ᠠᠮᠠᠷᠬᠠᠨ ᠠᠪᠴᠢᠳᠠᠭ ᠢ ᠤᠯᠵᠤ ᠮᠡᠳᠡᠪᠡ᠃

 ᠳᠤᠰ ᠰᠤᠳᠤᠯᠭᠠᠨ ᠳᠠᠬᠢ ᠳᠤᠮᠳᠠ ᠵᠡᠷᠭᠡ ᠶᠢᠨ ᠠᠷᠢᠬᠢ ᠤᠤᠭᠤᠬᠤ ᠪᠠᠷᠢᠮᠵᠢᠶ᠎ᠠ ᠨᠢ ᠭᠠᠷᠠᠭ ᠲᠤ 5 ᠴᠤᠮᠤ ︵ᠨᠢᠭᠡ ᠴᠤᠮᠤ ᠨᠢᠪᠠᠷᠤᠭ 568 ᠮᠢᠯᠢᠭᠷᠡᠮ︶ ᠦᠵᠦᠮ ᠤᠨ ᠠᠷᠢᠬᠢ ᠪᠤᠶᠤ 4 ᠴᠤᠮᠤ ᠫᠢᠸᠣ᠋ ᠤᠤᠭᠤᠬᠤ ᠪᠤᠯᠤᠨ᠎ᠠ᠃ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠠᠷᠢᠬᠢ ᠪᠤᠯ ᠳᠤᠮᠳᠠ ᠵᠡᠷᠭᠡ ᠶᠢᠨ ᠠᠷᠢᠬᠢ ᠤᠤᠭᠤᠭᠰᠠᠳ ᠤᠨ ᠶᠡᠭᠡ ᠳᠠᠷᠢᠬᠢᠨ ᠤ ᠬᠦᠩᠬᠦᠷ ᠤᠨ ᠨᠡᠭᠡᠳᠡᠰᠦᠨ ᠳᠤ ᠦᠵᠡᠬᠦᠯᠬᠦ ᠬᠤᠬᠢᠷᠠᠯ ᠨᠢ ᠠᠷᠢᠬᠢ ᠤᠤᠭᠤᠳᠠᠭ ᠦᠭᠡᠢ ᠬᠦᠮᠦᠨ ᠤ 3 ᠳᠠᠬᠢᠨ ᠪᠠᠶᠢᠳᠠᠭ᠃ 


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ