9 ᠰᠠᠷ᠎ᠠ ᠶᠢᠨ 13 ᠤ ᠡᠳᠦᠷ ᠵᠸᠩᠵᠸᠦ ᠶᠡᠬᠡ ᠰᠤᠷᠭᠠᠭᠤᠯᠢ ᠶᠢᠨ ᠲᠦᠪ ᠪᠡᠶ᠎ᠡ ᠶᠢᠨ ᠲᠠᠮᠢᠷ ᠤᠨ ᠤᠷᠳᠤᠨ ᠳᠤ ᠪᠤᠯᠤᠬᠰᠠᠨ ᠠᠷᠪᠠᠨ ᠨᠢᠭᠡᠳᠦᠭᠡᠷ ᠬᠤᠭᠤᠴᠠᠭᠠᠨ ᠤ ᠪᠦᠬᠦ ᠤᠯᠤᠰ ᠤᠨ ᠴᠦᠭᠡᠨ ᠲᠤᠭᠠᠲᠤ ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠬᠯᠠᠭᠠᠨ ᠤ ᠦᠨᠳᠦᠰᠦᠲᠡᠨ ᠤ ᠮᠠᠶ᠊ᠢᠬ ᠤᠨ ᠪᠦᠬᠡ ᠶᠢᠨ ᠪᠠᠷᠢᠯᠳᠤᠭᠠᠨ ᠳᠤ ᠦᠪᠦᠷ ᠮᠤᠩ᠋ᠭᠤᠯ ᠤᠨ ᠲᠠᠮᠢᠷᠴᠢᠳ 7 ᠠᠯᠲᠠ ᠠᠪᠴᠠᠢ᠃

ᠡᠭᠦᠨ ᠤ ᠲᠤᠳᠤᠷ᠎ᠠ ᠤᠳᠤᠬᠦᠦ ᠢ ᠦᠨᠳᠦᠰᠦᠲᠡᠨ ᠤ ᠪᠦᠬᠡ ᠶᠢᠨ ᠪᠠᠷᠢᠯᠳᠤᠭᠠᠨ ᠤ 76 ᠺᠢᠯᠤᠭ᠍ᠷᠠᠮ ᠵᠢᠩ ᠳᠤ ᠲᠡᠷᠢᠭᠦᠯᠡᠵᠦ᠂ ᠠᠯᠲᠠᠨᠳᠤᠭᠤᠯᠭ᠎ᠠ ᠢ ᠦᠨᠳᠦᠰᠦᠲᠡᠨ ᠤ ᠪᠦᠬᠡ ᠶᠢᠨ ᠪᠠᠷᠢᠯᠳᠤᠭᠠᠨ ᠤ 87 ᠺᠢᠯᠤᠭ᠍ᠷᠠᠮ ᠵᠢᠩ ᠳᠤ ᠲᠡᠷᠢᠭᠦᠯᠡᠵᠦ᠂ ᠴᠠᠭᠠᠨᠵᠠᠭᠠᠨ ᠢ ᠦᠨᠳᠦᠰᠦᠲᠡᠨ ᠤ ᠪᠦᠬᠡ ᠶᠢᠨ ᠪᠠᠷᠢᠯᠳᠤᠭᠠᠨ ᠤ 87 ᠺᠢᠯᠤᠭ᠍ᠷᠠᠮ ᠡᠴᠡ ᠳᠡᠭᠡᠭᠰᠢᠬᠢ ᠵᠢᠩ ᠳᠤ ᠲᠡᠷᠢᠭᠦᠯᠡᠵᠢ᠃ ᠴᠠᠭᠠᠨᠵᠠᠭᠠᠨ ᠤᠶᠢᠭᠤᠷ ᠦᠨᠳᠦᠰᠦᠲᠡᠨ ᠤ ᠽᠠᠯᠢᠰᠢ ᠪᠦᠬᠡ ᠶᠢᠨ 87 ᠺᠢᠯᠤᠭ᠍ᠷᠠᠮ ᠡᠴᠡ ᠳᠡᠭᠡᠭᠰᠢᠬᠢ ᠵᠢᠩ ᠳᠤ ᠲᠡᠷᠢᠭᠦᠯᠡᠪᠡ᠃ ᠴᠠᠭᠠᠨᠵᠠᠭᠠᠨ ᠬᠤᠲᠤᠩ ᠪᠦᠬᠡ ᠶᠢᠨ 90 ᠺᠢᠯᠤᠭ᠍ᠷᠠᠮ ᠡᠴᠡ ᠳᠡᠭᠡᠭᠰᠢᠬᠢ ᠵᠢᠩ ᠳᠤ ᠲᠡᠷᠢᠭᠦᠯᠡᠪᠡ᠃ ᠴᠢᠨᠳᠠᠮᠤᠨᠢ ᠲᠦᠪᠡᠳ ᠪᠦᠬᠡ ᠶᠢᠨ 87 ᠺᠢᠯᠤᠭ᠍ᠷᠠᠮ ᠡᠴᠡ ᠳᠡᠭᠡᠭᠰᠢᠬᠢ ᠵᠢᠩ ᠳᠤ ᠲᠡᠷᠢᠭᠦᠯᠡᠵᠦ᠂ ᠡᠷᠳᠡᠨᠢᠴᠤᠬᠲᠤ ᠬᠤᠲᠤᠩ ᠪᠦᠭᠡ ᠶᠢᠨ 75 ᠺᠢᠯᠤᠭ᠍ᠷᠠᠮ ᠵᠢᠩ ᠳᠤ ᠲᠡᠷᠢᠭᠦᠯᠡᠵᠡᠢ᠃

ᠲᠦᠷᠦᠭᠦᠬᠡᠨ ᠡᠷᠳᠡᠨᠢᠪᠤᠯᠠᠬ ᠬᠤᠲᠤᠩ ᠪᠦᠬᠡ ᠶᠢᠨ 56 ᠺᠢᠯᠤᠭ᠍ᠷᠠᠮ ᠵᠢᠩ ᠳᠤ ᠲᠡᠷᠢᠭᠦᠯᠡᠨ᠂ ᠴᠡᠩᠭᠡᠯᠪᠠᠶᠠᠷ ᠬᠤᠲᠤᠩ ᠪᠦᠬᠡ ᠶᠢᠨ 90 ᠺᠢᠯᠤᠭ᠍ᠷᠠᠮ ᠵᠢᠩ ᠳᠤ ᠲᠡᠷᠢᠭᠦᠯᠡᠭᠰᠡᠨ ᠢ ᠪᠤᠳᠤᠪᠠᠯ 9 ᠰᠠᠷ᠎ᠠ ᠶᠢᠨ 13 ᠤ ᠡᠳᠦᠷ ᠬᠦᠷᠲᠡᠯ᠎ᠡ ᠦᠨᠳᠦᠰᠦᠲᠡᠨ ᠤ ᠮᠠᠶ᠊ᠢᠬ ᠤᠨ ᠪᠦᠬᠡ ᠶᠢᠨ ᠪᠠᠷᠢᠯᠳᠤᠭᠠᠨ ᠳᠤ ᠦᠪᠦᠷ ᠮᠤᠩ᠋ᠭᠤᠯ ᠤᠨ ᠪᠦᠬᠡᠴᠢᠳ ᠨᠡᠶᠢᠲᠡ 9 ᠠᠯᠲᠠ ᠠᠪᠴᠠᠢ᠃

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ