— ᠬᠤᠯᠢᠮᠠᠭ ᠲᠤᠯᠤᠭᠠᠨ ᠤ ᠰᠢᠨ᠎ᠠ ᠤᠳᠤᠨ ᠪᠠᠷᠭᠤ ᠶᠢᠨ ᠰᠤᠳᠤᠨ ᠵᠠᠯᠠᠭᠤ ᠦᠷᠭᠡᠨᠪᠠᠶᠠᠷ ᠢ ᠰᠤᠷᠪᠤᠯᠵᠢᠯᠠᠪᠡ


《ᠰᠠᠶᠢᠨ ᠪᠠᠶᠢᠴᠠᠭᠠᠵᠦ ᠪᠠᠶᠢᠨ᠎ᠠ ᠤᠤ︖ ᠰᠠᠶᠢᠬᠠᠨ ᠵᠤᠰᠠᠵᠤ ᠪᠠᠶᠢᠨ᠎ᠠ ᠤᠤ︖》ᠭᠡᠵᠦ ᠬᠤᠯᠢᠮᠠᠭ ᠲᠤᠯᠤᠭᠠᠨ ᠤ ᠲᠠᠮᠢᠷᠴᠢᠨ ᠦᠷᠭᠡᠨᠪᠠᠶᠠᠷ ᠪᠢᠳᠠᠨ ᠤ ᠰᠤᠷᠪᠤᠯᠵᠢᠯᠠᠭ᠎ᠠ ᠶᠢ ᠲᠤᠯᠠᠭᠠᠬᠠᠨ ᠬᠦᠯᠢᠶᠡᠭᠰᠡᠨ ᠪᠢᠯᠠ᠃ ᠨᠢᠳᠦᠨ ᠳᠡᠭᠡᠨ ᠭᠠᠯ ᠲᠠᠢ ᠨᠢᠭᠤᠷ ᠲᠠᠭᠠᠨ ᠴᠤᠭ ᠲᠠᠢ ᠦᠨᠳᠦᠷ ᠪᠡᠶ᠎ᠠ ᠲᠠᠢ ᠦᠷᠭᠡᠨ ᠴᠡᠭᠡᠵᠢ ᠲᠠᠢ ᠪᠤᠰᠤᠭ᠎ᠠ ᠮᠤᠩᠭᠤᠯ ᠡᠷ᠎ᠠ ᠬᠦᠮᠦᠨ ᠤ ᠵᠢᠪᠬᠤᠭ᠎ᠠ ᠵᠤᠯᠪᠤᠭ᠎ᠠ ᠶᠢ ᠡᠷᠭᠡ ᠦᠭᠡᠢ ᠭᠠᠶᠢᠬᠠᠭᠤᠯᠤᠭᠰᠠᠨ ᠡᠨᠡ ᠬᠦ ᠵᠠᠯᠠᠭᠤ ᠶᠢ ᠲᠠ ᠪᠦᠬᠦᠨ ᠳᠡᠭᠡᠨ ᠲᠠᠨᠢᠯᠴᠠᠭᠤᠯᠬᠤ ᠳᠤ ᠤᠷᠮᠠᠲᠠᠢ ᠪᠠᠶᠢᠨ᠎ᠠ᠃ ᠦᠷᠭᠡᠨᠪᠠᠶᠠᠷ ᠪᠤᠯ ᠬᠦᠯᠦᠨ ᠪᠤᠶᠢᠷ ᠬᠤᠳᠠ ᠶᠢᠨ ᠰᠢᠨ᠎ᠠ ᠪᠠᠷᠭᠤ ᠵᠠᠭᠦᠨ ᠬᠤᠰᠢᠭᠤᠨ ᠤ ᠵᠢᠪᠬᠤᠯᠠᠩᠲᠤ ᠰᠤᠮᠤᠨ ᠤ ᠤᠷᠱᠤᠨ ᠭᠠᠴᠠᠭᠠᠨ ᠤ ᠬᠤᠸᠠᠰᠠᠢ ᠬᠠᠯᠠ ᠶᠢᠨ ᠵᠠᠨᠴᠢᠪ ᠤᠨ ᠨᠢᠮᠠᠵᠠᠪ ᠪᠤᠯᠤᠨ ᠬᠤᠯᠪᠤᠭᠠᠲᠤ ᠭᠠᠴᠠᠭᠠᠨ ᠤ ᠤᠷᠢᠶᠠᠩᠬᠠᠨ ᠬᠠᠯᠠ ᠶᠢᠨ ᠴᠦᠢᠵᠢᠯ ᠤᠨ ᠨᠠᠷᠠᠨᠵᠠᠪ ᠬᠤᠶᠠᠷ ᠤᠨ ᠤᠤᠭᠠᠨ ᠬᠦᠦ ᠨᠢ ᠪᠤᠯᠤᠨ ᠵᠠᠶᠠᠭᠠᠵᠡᠢ᠃ ᠲᠡᠷᠡ ᠪᠠᠷ ᠬᠠᠷᠠᠬᠠᠨ ᠪᠠᠭ᠎ᠠ ᠠᠴᠠ ᠪᠠᠨ ᠲᠠᠮᠢᠷ ᠤᠨ ᠬᠦᠳᠡᠯᠭᠡᠭᠡᠨ ᠪᠤᠶᠤ ᠪᠦᠬᠡ ᠳᠤ ᠪᠠᠭ᠋ᠠᠲᠠᠢ ᠬᠡᠤᠬᠡᠳ ᠤᠨ ᠨᠢᠭᠡ ᠪᠠᠶᠢᠭᠰᠠᠨ ᠭᠡᠳᠡᠭ᠃ ᠠᠯᠢ ᠠᠩᠬ᠎ᠠ ᠲᠤᠮᠳᠠᠳᠤ ᠶᠢᠨ ᠦᠶ ᠎ᠠ ᠪᠠ ᠦᠨᠳᠦᠷ ᠲᠤᠮᠳᠠᠳᠤ ᠳᠤ ᠪᠠᠶᠢᠬᠤ ᠳᠠᠭᠠᠨ ᠴᠦᠮ ᠪᠦᠬᠡ ᠶᠢᠨ ᠠᠩᠭᠢ ᠪᠠᠷ ᠪᠠᠶᠢᠵᠦ᠂ ᠬᠠᠶᠢᠯᠠᠷ ᠲᠠᠬᠢ ᠨᠢᠭᠡᠳᠦᠭᠡᠷ ᠲᠤᠮᠳᠠᠳᠤ ᠰᠤᠷᠭᠠᠬᠤᠯᠢ ᠪᠠᠨ ᠲᠦᠯᠦᠭᠡᠯᠡᠨ ᠪᠦᠬᠦ ᠤᠷᠤᠨ ᠤ ᠬᠡᠪᠴᠢᠶᠡᠨ ᠤ ᠤᠷᠤᠯᠳᠤᠭᠠᠨ ᠳᠤ ᠤᠷᠤᠯᠴᠠᠵᠦ ᠰᠠᠶᠢᠨ ᠬᠢᠷᠢ ᠪᠦᠳᠦᠮᠵᠢ ᠠᠪᠴᠤ ᠪᠠᠶᠢᠭᠰᠠᠨ ᠤᠳᠠᠭ᠎ᠠ ᠲᠠᠢ᠃ ᠠᠯᠢᠶ᠎ᠠ ᠪᠠᠭ᠎ᠠ ᠶᠢᠨ ᠡᠨᠡᠬᠡᠨ ᠳᠤᠷ᠎ᠠ ᠪᠠᠬ᠎ᠠ ᠳᠠᠭᠠᠨ ᠬᠦᠲᠦᠯᠦᠭᠳᠡᠨ ᠰᠤᠷᠭᠠᠭᠤᠯᠢ ᠲᠠᠷᠬᠠᠮᠠᠭᠴᠠ ᠠᠭᠤᠯᠠ ᠤᠪᠤᠭᠠᠳ ᠢᠶᠠᠷ ᠪᠠᠷᠢᠯᠳᠤᠵᠦ ᠰᠢᠨᠳᠠᠰᠤ ᠲᠠᠮᠢᠷ ᠢᠶᠠᠨ ᠰᠢᠯᠭᠠᠨ ᠲᠡᠷᠢᠭᠦᠯᠡᠵᠦ ᠤᠷᠮᠠᠰᠢᠵᠦ ᠪᠠᠶᠢᠭᠰᠠᠨ᠃ ᠢᠩᠭᠢᠬᠡᠳ ᠰᠠᠨᠠᠭᠰᠠᠨ ᠪᠦᠬᠦᠨ ᠰᠠᠨᠠᠭ᠎ᠠ ᠪᠠᠷ ᠭᠡᠳᠡᠭᠴᠢᠯᠡᠨ 2007 ᠤᠨ ᠤ 10 ᠰᠠᠷ᠎ᠠ ᠳᠤ ᠠᠵᠠ ᠲᠤᠬᠢᠶᠠᠯ ᠢᠶᠠᠷ ᠭᠤᠸᠠᠩᠳᠦ᠋ᠩ ᠮᠤᠵᠢ ᠶᠢᠨ ᠵᠢᠤᠳᠤᠤ ᠪᠦᠬᠡ ᠶᠢᠨ ᠠᠩᠭᠢ ᠳᠤ ᠡᠯᠰᠡᠭᠳᠡᠨ ᠤᠴᠢᠵᠤ᠂ ᠮᠡᠷᠭᠡᠵᠢᠯ ᠤᠨ ᠲᠠᠮᠢᠷᠴᠢᠨ ᠤ ᠵᠠᠮ ᠢᠶᠠᠨ ᠡᠯᠭᠦᠭᠰᠡᠨ ᠶᠤᠮ᠃

ᠬᠦᠰᠡᠯ ᠲᠡᠮᠡᠤᠯᠦᠯ ᠳᠡᠭᠡᠨ ᠬᠦᠲᠦᠯᠦᠭᠳᠡᠨ ᠬᠠᠮᠢᠭ᠎ᠠ ᠭᠠᠵᠠᠷ ᠭᠡᠰᠡᠨ ᠦᠭᠡᠢ ᠡᠷᠳᠡᠮ ᠮᠡᠷᠭᠡᠵᠢᠯ ᠰᠤᠷᠴᠤ ᠶᠠᠪᠤᠭᠰᠠᠨ ᠢ ᠨᠢ ᠡᠷᠭᠢᠴᠡᠭᠦᠯᠪᠠᠯ᠂ ᠵᠢᠤᠳᠤᠤ ᠪᠦᠬᠡ ᠶᠢᠨ ᠠᠩᠭᠢ ᠳᠤ ᠬᠤᠶᠠᠷ ᠵᠢᠯ ᠰᠤᠷᠤᠯᠴᠠᠵᠤ᠂ ᠠᠬᠠᠮᠠᠳ ᠲᠠᠮᠢᠷᠴᠢᠳ ᠤᠨ ᠰᠠᠨᠠᠭᠤᠯᠭ᠎ᠠ ᠪᠠᠷ ᠴᠢᠯᠦᠭᠡᠲᠤ ᠨᠢᠳᠤᠷᠭ᠎ᠠ ᠰᠤᠷᠬᠤ ᠪᠤᠳᠤᠯ ᠤᠷᠤᠵᠤ᠂ ᠯᠢᠶᠤᠤᠨᠢᠩ ᠮᠤᠵᠢ ᠶᠢᠨ ᠮᠤᠵᠢ ᠶᠢᠨ ᠠᠩᠬᠢ ᠰᠢᠨ᠎ᠠ ᠲᠠᠮᠢᠷᠴᠢᠨ ᠡᠯᠰᠡᠬᠦ ᠴᠢᠮᠡᠭᠡ ᠪᠠᠷ ᠮᠦᠭᠳᠡᠨ ᠬᠤᠲᠠ ᠳᠤ ᠤᠴᠢᠵᠡᠢ᠃ 2010 ᠤᠨ ᠠᠴᠠ ᠯᠢᠶᠤᠤᠨᠢᠩ ᠮᠤᠵᠢ ᠶᠢᠨ ᠴᠢᠯᠦᠭᠡᠲᠤ ᠨᠢᠳᠤᠷᠭᠠᠨ ᠡᠷᠳᠡᠮ ᠤᠨ ᠠᠩᠭᠢ ᠳᠤ ᠰᠢᠮᠳᠠᠨ ᠰᠤᠷᠴᠤ ᠡᠬᠢᠯᠡᠵᠡᠢ᠃ ᠠᠩᠬ᠎ᠠ ᠴᠢᠯᠦᠭᠡᠲᠤ ᠨᠢᠳᠤᠷᠭᠠᠨ ᠡᠷᠳᠡᠮ ᠪᠤᠯᠪᠠᠰᠤᠷᠠᠵᠤ ᠡᠬᠢᠯᠡᠬᠦ ᠳᠤ ᠮᠠᠰᠢ ᠬᠦᠴᠢᠷᠲᠠᠢ ᠰᠠᠨᠠᠭᠳᠠᠵᠦ ᠪᠠᠶᠢᠭᠰᠠᠨ᠂ ᠤᠤᠯ ᠨᠢ ᠴᠢᠯᠦᠭᠡᠲᠦ ᠪᠦᠬᠡ ᠵᠢᠤᠳᠤᠤ ᠪᠦᠬᠡ ᠪᠠᠷᠢᠯᠳᠤᠵᠤ ᠪᠠᠶᠢᠭᠰᠠᠨ ᠠᠴᠠ ᠪᠠᠨ ᠰᠢᠨ᠎ᠠ ᠨᠢᠭᠡᠨ ᠬᠦᠷᠢᠶ᠎ᠠ ᠴᠠᠷᠠᠭᠠᠨ ᠳᠤ ᠰᠢᠯᠵᠢᠬᠦ ᠳᠤ ᠠᠯᠢᠪᠠ ᠵᠦᠢᠯ ᠢ ᠡᠬᠢᠨ ᠠᠴᠠ ᠨᠢ ᠰᠤᠷᠴᠤ ᠪᠠᠶᠢᠭ᠎ᠠ ᠲᠠᠢ ᠠᠳᠠᠯᠢᠬᠠᠨ᠃ ᠭᠡᠪᠡᠴᠤ ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠭᠡᠢ ᠤᠴᠢᠷ ᠨᠢᠭᠡ ᠮᠡᠳᠡᠬᠦ ᠳᠤ ᠲᠦᠷᠪᠡᠨ ᠵᠢᠯ ᠦᠩᠭᠡᠷᠡᠵᠦ᠂ 2014 ᠤᠨ ᠳᠤ ᠱᠠᠨᠳᠦ᠋ᠩ ᠮᠤᠵᠢ ᠶᠢᠨ ᠯᠠᠨ ᠯᠢᠩ ᠰᠢᠶᠠᠨ ᠳᠤ ᠶᠠᠪᠤᠭᠳᠠᠭᠰᠠᠨ ᠪᠦᠬᠦ ᠤᠯᠤᠰ ᠤᠨ ᠴᠢᠯᠦᠭᠡᠲᠤ ᠨᠢᠳᠤᠷᠭᠠᠨ ᠡᠷᠳᠡᠮ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠦᠩᠭᠦᠨ ᠮᠧᠳᠠᠯ ᠢᠶᠠᠷ ᠡᠩᠭᠡᠷ ᠢᠶᠠᠨ ᠮᠢᠯᠢᠶᠠᠯᠭᠠᠵᠦ᠂ ᠠᠩᠬ᠎ᠠ ᠤᠳᠠᠭ᠎ᠠ ᠪᠠᠨ ᠤᠯᠤᠰ ᠤᠨ ᠠᠪᠤᠷᠭᠤ ᠴᠤᠯᠠ ᠤᠯᠵᠦ ᠪᠠᠶᠠᠷᠯᠠᠨ ᠵᠤᠷᠢᠭᠵᠢᠭᠰᠠᠨ ᠪᠢᠯᠠ᠃ ᠮᠦᠨ ᠲᠡᠷᠡ ᠵᠢᠯ ᠳᠡᠭᠡᠨ ᠤᠯᠤᠰ ᠤᠨ ᠴᠢᠯᠦᠭᠡᠲᠤ ᠨᠢᠳᠤᠷᠭ᠎ᠠ ᠶᠢᠨ ᠠᠩᠭᠢ ᠳᠤ ᠡᠯᠰᠡᠭᠳᠡᠨ ᠤᠯᠤᠰ ᠢᠶᠠᠨ ᠲᠦᠯᠦᠭᠡᠯᠡᠨ ᠲᠦᠷᠺ ᠤᠯᠤᠰ ᠲᠤ ᠤᠷᠤᠯᠳᠤᠭᠠᠨ ᠳᠤ ᠤᠷᠤᠯᠴᠠᠵᠤ᠂ ᠠᠯᠳᠠᠨ ᠬᠤᠨᠳᠠᠭ᠎ᠠ ᠲᠤᠰᠤᠭᠰᠠᠨ ᠶᠤᠮ᠃ ᠪᠤᠯᠪᠠᠰᠤᠷᠠᠯ ᠤᠨ ᠲᠠᠯᠠᠪᠠᠢ ᠤᠷᠤᠯᠳᠤᠭᠠᠨ ᠤ ᠲᠠᠯᠠᠪᠠᠢ ᠭᠡᠰᠡᠨ ᠦᠭᠡᠢ ᠮᠤᠩ ᠦᠭᠡᠢ ᠤᠯᠠᠨ ᠤᠳᠠᠭ᠎ᠠ ᠤᠨᠠᠵᠦ ᠪᠤᠰᠴᠤ᠂ ᠬᠦᠯᠦᠰᠦ ᠨᠢᠯᠪᠤᠰᠦ ᠪᠠᠨ ᠠᠰᠬᠠᠷᠠᠭᠤᠯᠤᠨ᠂ ᠲᠠᠭᠤ ᠱᠤᠤ ᠦᠭᠡᠢ ᠰᠤᠷᠤᠭᠴᠢ ᠠᠴᠠ ᠲᠠᠶᠢᠰᠠᠨ ᠳᠤ ᠱᠠᠩᠨᠠᠯ ᠲᠤᠰᠤᠭᠰᠠᠨ ᠮᠡᠷᠭᠡᠵᠢᠯ ᠤᠨ ᠲᠠᠮᠢᠷᠴᠢᠨ ᠪᠤᠯᠵᠤ ᠢᠷᠡᠭᠰᠡᠨ ᠲᠤᠯᠤᠭᠠᠨ ᠵᠢᠯ ᠢᠶᠠᠨ ᠰᠠᠨᠠᠬᠤ ᠳᠤ ᠪᠠᠶᠠᠷᠯᠠᠨ ᠲᠤᠭᠳᠤᠯᠬᠤ ᠶᠢᠨ ᠬᠠᠵᠠᠭᠤ ᠪᠠᠷ ᠠᠩᠬ᠎ᠠ ᠡᠬᠢᠯᠡᠵᠦ ᠪᠦᠬᠡ ᠰᠤᠷᠴᠤ ᠪᠠᠶᠢᠬᠤ ᠦᠶ᠎ᠠ ᠳᠤ ᠭᠡᠷ ᠤᠨ ᠬᠦᠮᠦᠰ ᠢᠶᠠᠨ ᠰᠠᠨᠠᠭ᠎ᠠ ᠵᠤᠪᠠᠭ᠋ᠤ ᠠᠴᠠ ᠬᠢᠴᠢᠶᠡᠨ ᠭᠡᠮᠲᠥᠭᠰᠡᠨ ᠢᠶᠠᠨ ᠨᠢᠭᠤᠨ᠂ ᠬᠦᠮᠦᠨ ᠤ ᠭᠠᠵᠠᠷ ᠬᠦᠨᠳᠡᠯᠡᠨ ᠤ ᠨᠤᠲᠤᠭ ᠲᠤ ᠪᠡᠶ᠎ᠠ ᠪᠠᠨ ᠳᠠᠭᠠᠭᠠᠨ᠂ ᠪᠦᠷ ᠰᠠᠶᠢᠨ ᠪᠤᠯᠤᠭᠰᠠᠨ ᠤ ᠳᠠᠷᠠᠭ᠎ᠠ ᠰᠠᠶ᠋ᠢ ᠬᠡᠯᠡᠵᠦ ᠪᠠᠶᠢᠭᠰᠠᠨ ᠢᠶᠠᠨ ᠴᠤ ᠡᠷᠬᠡ ᠦᠭᠡᠢ ᠰᠠᠨᠠᠨ ᠤᠶᠠᠷᠠᠨ᠎ᠠ᠃ ᠬᠠᠳᠠᠭᠤᠵᠢᠯᠲᠠᠢ ᠪᠤᠯᠪᠠᠰᠤᠷᠠᠯ ᠰᠢᠨᠲᠠᠷᠠᠯ ᠦᠭᠡᠢ ᠵᠤᠷᠢᠭ ᠢᠶᠠᠷ ᠦᠨᠦᠳᠦᠷ ᠤᠨ ᠬᠢᠷᠢ ᠪᠦᠲᠦᠮᠵᠢ ᠶᠢ ᠤᠯᠵᠤ᠂ ᠠᠩᠬ᠎ᠠ ᠮᠡᠷᠭᠡᠵᠢᠯ ᠤᠨ ᠨᠢᠳᠤᠷᠭᠠᠴᠢᠨ ᠤ ᠵᠠᠮ ᠢᠶᠠᠨ ᠡᠬᠢᠯᠡᠬᠦ ᠦᠶ᠎ᠠ ᠳᠤ ᠨᠤᠲᠤᠭ ᠤᠨ ᠬᠦᠮᠦᠰ ᠴᠢᠯᠦᠭᠡᠲᠤ ᠨᠢᠳᠤᠷᠭ᠎ᠠ ᠶᠤᠮ ᠤᠤ ᠬᠤᠯᠢᠮᠠᠭ ᠲᠤᠯᠤᠭᠠᠨ ᠤ ᠲᠤᠬᠠᠢ ᠬᠠᠷᠠᠬᠠᠨ ᠤᠢᠢᠯᠠᠭᠠᠬᠤ ᠦᠭᠡᠢ ᠪᠠᠶᠢᠵᠦ᠂ ᠬᠡᠷᠡᠭᠦᠯ ᠵᠤᠳᠤᠭᠠᠨ ᠬᠢᠬᠦ ᠶᠢ ᠰᠤᠷᠴᠤ ᠪᠠᠶᠢᠨ᠎ᠠ ᠭᠡᠵᠦ ᠬᠡᠯᠡᠵᠦ ᠪᠠᠶᠢᠭᠰᠠᠨ ᠵᠠᠷᠢᠮ ᠬᠦᠮᠦᠰ ᠲᠤ ᠪᠤᠳᠠᠳᠠᠢ ᠬᠠᠷᠢᠭᠤ ᠦᠭᠬᠦᠭᠰᠡᠨ ᠦᠷᠭᠡᠨᠪᠠᠶᠠᠷ ᠨᠢᠳᠦᠨ ᠡᠮᠦᠨᠡᠬᠢ ᠪᠠᠶᠠᠷ ᠪᠠᠭ᠋ᠠᠳᠤᠯ ᠳᠠᠭᠠᠨ ᠰᠡᠳᠬᠢᠯ ᠬᠠᠨᠤᠵᠦ ᠰᠠᠭᠤᠭᠰᠠᠨ ᠪᠢᠰᠢ᠂ ᠨᠡᠩ ᠦᠨᠳᠦᠷ ᠤᠷᠭᠢᠯ ᠳᠤ ᠲᠡᠮᠡᠤᠯᠬᠦ ᠢᠳᠡᠭᠡᠯ ᠵᠤᠷᠢᠭ ᠲᠡᠭᠦᠯᠳᠡᠷ ᠪᠤᠯᠵᠡᠢ᠃

ᠬᠤᠯᠢᠮᠠᠭ ᠲᠤᠯᠤᠭᠠᠨ (综合格斗) ᠪᠤᠯᠪᠠᠰᠤᠷᠠᠵᠦ ᠡᠬᠢᠯᠡᠭᠰᠡᠨ ᠪᠤᠯ ᠦᠷᠭᠡᠨᠪᠠᠶᠠᠷ ᠤᠨ ᠪᠠᠰᠠ ᠨᠢᠭᠡᠨ ᠰᠢᠨ᠎ᠠ ᠡᠬᠢᠯᠡᠯᠲᠠ ᠪᠤᠯᠤᠨ᠎ᠠ᠃ ᠬᠤᠯᠢᠮᠠᠭ ᠲᠤᠯᠤᠭᠠᠨ ᠤᠢᠢᠷ᠎ᠠ ᠶᠢᠨ ᠵᠢᠯ ᠤᠳ ᠲᠤ ᠳᠡᠯᠡᠬᠡᠢ ᠳᠡᠬᠡᠷ ᠎ᠡ ᠨᠦᠯᠦᠭᠡ ᠶᠡᠬᠡᠲᠡᠢ ᠪᠠᠶᠢᠵᠦ᠂ ᠤᠯᠠᠨ ᠶᠠᠩᠵᠤ ᠶᠢᠨ ᠮᠡᠷᠭᠡᠵᠢᠯ ᠬᠠᠮᠤᠷᠤᠭᠳᠠᠳᠠᠭ᠂ ᠪᠤᠯᠪᠠᠰᠤᠷᠠᠬᠤ ᠳᠤ ᠬᠦᠴᠢᠷᠲᠡᠢ ᠨᠢᠬᠡᠨ ᠵᠦᠢᠯ ᠤᠨ ᠲᠠᠮᠢᠷ ᠤᠨ ᠲᠦᠷᠦᠯ ᠵᠦᠢᠯ᠂ ᠤᠯᠤᠰ ᠤᠨ ᠲᠤᠲᠤᠭᠠᠳᠤ ᠳᠤ ᠴᠤ ᠤᠯᠠᠨ ᠲᠠᠯᠠᠪᠤᠷ ᠤᠷᠤᠯᠳᠤᠭᠠᠨ ᠶᠠᠪᠤᠭᠳᠠᠭᠤᠯᠵᠦ ᠪᠠᠶᠢᠭ᠎ᠠ ᠪᠠᠶᠢᠳᠠᠯ ᠢ ᠤᠢᠢᠯᠠᠭᠠᠵᠦ ᠮᠡᠳᠡᠭᠰᠡᠨ ᠲᠡᠷᠡ ᠪᠠᠷ ᠦᠪᠡᠷ ᠤᠨ ᠬᠤᠶᠠᠷ ᠵᠢᠯ ᠵᠢᠤᠳᠤᠤ ᠪᠦᠬᠡ ᠲᠠᠪᠤᠨ ᠵᠢᠯ ᠴᠢᠯᠦᠭᠡᠲᠦ ᠨᠢᠳᠤᠷᠭ᠎ᠠ ᠪᠤᠯᠪᠠᠰᠤᠷᠠᠭᠰᠠᠨ ᠪᠠᠶᠢᠳᠠᠯ ᠲᠠᠢ ᠪᠠᠨ ᠤᠶᠠᠯᠳᠤᠭᠤᠯᠤᠨ᠂ ᠬᠤᠯᠢᠮᠠᠭ ᠲᠤᠯᠤᠭᠠᠨ ᠭᠡᠳᠡᠭ ᠰᠢᠨ᠎ᠠ ᠲᠡᠮᠡᠴᠡᠭᠡᠨ ᠳᠤ ᠤᠷᠤᠬᠤ ᠪᠠᠷ ᠵᠤᠷᠢᠭ ᠰᠢᠢᠳᠪᠡ᠃ ᠲᠡᠭᠡᠭᠡᠳ 2015 ᠤᠨ ᠳᠤ ᠯᠢᠶᠤᠤᠨᠢᠩ ᠮᠤᠵᠢ ᠶᠢᠨ ᠴᠢᠯᠦᠭᠡᠲᠤ ᠨᠢᠳᠤᠷᠭᠠᠨ ᠠᠩᠭᠢ ᠠᠴᠠ ᠪᠠᠨ ᠳᠡᠭᠦᠰᠴᠤ᠂ ᠲᠢᠶᠠᠨᠵᠢᠨ ᠬᠤᠲᠠ ᠶᠢᠨ ᠵᠢᠦ ᠢ ᠶᠤᠸᠠᠨ ᠲᠡᠮᠡᠴᠡᠭᠡᠨ ᠤ ᠺᠯᠦ᠋ᠪ ᠢ ᠵᠤᠷᠢᠵᠡᠢ᠃ ᠮᠡᠷᠭᠡᠵᠢᠯ ᠤᠨ ᠰᠠᠭᠤᠷᠢ ᠰᠠᠶᠢᠲᠠᠢ ᠦᠷᠭᠡᠨᠪᠠᠶᠠᠷ ᠺᠯᠦ᠋ᠪ ᠲᠤ ᠬᠤᠶᠠᠷ ᠰᠠᠷ᠎ᠠ ᠪᠤᠯᠪᠠᠰᠤᠷᠠᠭᠠᠳ ᠲᠡᠮᠡᠴᠡᠬᠡᠨ ᠳᠤ ᠤᠷᠤᠯᠴᠠᠵᠤ ᠡᠬᠢᠯᠡᠭᠰᠡᠨ ᠶᠤᠮ᠃ ᠬᠠᠮᠤᠭ ᠠᠩᠬᠠᠨ ᠤ ᠲᠡᠮᠡᠴᠡᠭᠡᠨ ᠪᠤᠯ ᠲᠤᠮᠳᠠᠳᠤ ᠤᠯᠤᠰ ᠤᠨ ᠬᠤᠯᠢᠮᠠᠭ ᠲᠤᠯᠤᠭᠠᠨ ᠤ ᠬᠤᠯᠪᠤᠭᠠᠨ ᠠᠴᠠ ᠡᠷᠬᠢᠯᠡᠨ ᠶᠠᠪᠤᠭᠳᠠᠭᠤᠯᠤᠭᠰᠠᠨ ᠤᠯᠠᠷᠢᠯ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠪᠠᠶᠢᠵᠦ᠂ ᠠᠩᠬᠠᠨ ᠤ ᠤᠷᠤᠯᠳᠤᠭᠠᠨ ᠳᠠᠭᠠᠨ ᠮᠠᠩᠯᠠᠶᠢᠯᠠᠵᠦ᠂ ᠵᠢᠯ ᠤᠨ ᠰᠡᠭᠦᠯ ᠳᠤ 2015 ᠤᠨ ᠤ ᠮᠠᠩᠯᠠᠢ ᠰᠢᠯᠭᠠᠷᠠᠭᠤᠯᠬᠤ ᠰᠢᠢᠳᠪᠦᠷᠢᠲᠦ ᠲᠡᠮᠡᠴᠡᠭᠡᠨ ᠳᠤ ᠮᠠᠩᠯᠠᠶᠢᠯᠠᠵᠦ᠂ ᠬᠤᠯᠢᠮᠠᠭ ᠲᠤᠯᠤᠭᠠᠨ ᠤ ᠠᠶᠠᠨ ᠢᠶᠠᠨ ᠡᠶᠢᠨ ᠬᠦ ᠠᠮᠵᠢᠯᠳᠠ ᠲᠠᠢ ᠡᠬᠢᠯᠡᠬᠦᠯᠦᠭᠰᠡᠨ ᠪᠢᠯᠡ᠃ ᠠᠳᠡ ᠲᠤᠷᠠᠳᠤᠭᠤᠰᠢᠲᠠᠢ ᠨᠢ ᠳᠡᠯᠡᠭᠡᠢ ᠶᠢᠨ ᠲᠠᠮᠢᠷ ᠤᠨ ᠲᠠᠪᠴᠠᠩ ᠳᠤ ᠨᠡᠷ᠎ᠠ ᠨᠦᠯᠦᠭᠡ ᠪᠦᠬᠦᠢ 《ᠰᠠᠶᠢᠨ ᠡᠷ᠎ᠡ ᠶᠢᠨ ᠳᠠᠪᠴᠠᠩ 17》 ᠭᠡᠳᠡᠭ ᠬᠤᠯᠢᠮᠠᠭ ᠲᠤᠯᠤᠭᠠᠨ ᠤ ᠲᠡᠮᠡᠴᠡᠭᠡᠨ ᠨᠢ ᠦᠷᠭᠡᠨᠪᠠᠶᠠᠷ ᠢ ᠨᠡᠩ ᠤᠯᠠᠨ ᠬᠦᠮᠦᠨ ᠳᠤ ᠲᠠᠨᠢᠭᠤᠯᠤᠭᠰᠠᠨ ᠶᠤᠮ᠃ ᠡᠨᠡ ᠬᠦ ᠲᠤᠯᠤᠭᠠᠨ ᠳᠤ ᠦᠷᠭᠡᠨᠪᠠᠶᠠᠷ ᠶᠠᠫᠤᠨ ᠤᠯᠤᠰ ᠤᠨ ᠴᠤᠤ ᠲᠠᠢ ᠨᠢᠭᠡᠨ ᠲᠠᠮᠢᠷᠴᠢᠨ ᠲᠠᠢ ᠲᠠᠭᠠᠷᠠᠵᠦ᠂ ᠱᠠᠯᠠᠮᠠᠭᠠᠢ ᠲᠠᠭᠠᠷᠢᠯᠲᠠ᠂ ᠬᠦᠴᠦᠲᠠᠢ ᠨᠢᠳᠦᠷᠭ᠎ᠠ᠂ ᠦᠵᠡᠭᠴᠢᠳ ᠢ ᠱᠠᠭᠰᠢᠮ᠎ᠠ ᠤᠷ᠎ᠠ ᠮᠡᠷᠭᠡᠰᠢᠯ ᠢᠶᠠᠷ ᠬᠤᠶᠠᠷ ᠤᠨᠤᠭᠠᠨ ᠳᠤ ᠡᠰᠡᠷᠭᠦ ᠡᠲᠡᠭᠡᠳ ᠢᠶᠠᠨ ᠢᠯᠠᠭᠰᠠᠨ ᠶᠤᠮ᠃ ᠦᠷᠭᠡᠨᠪᠠᠶᠠᠷ ᠤᠨ ᠤᠢᠢᠷ᠎ᠠ ᠶᠢᠨ ᠵᠢᠯ ᠳᠤ ᠤᠷᠤᠯᠴᠠᠭᠰᠠᠨ ᠲᠡᠮᠡᠴᠡᠭᠡᠨ ᠠᠴᠠ ᠳᠤᠷᠠᠳᠪᠠᠯ᠂ 2017 ᠤᠨ ᠤ ᠱᠠᠩᠬᠠᠢ ᠳᠤ ᠪᠤᠯᠤᠭᠰᠠᠨ ᠬᠤᠯᠢᠮᠠᠭ ᠲᠤᠯᠤᠭᠠᠨ ᠤ ᠬᠤᠯᠪᠤᠭᠠᠨ ᠠᠴᠠ ᠡᠷᠬᠢᠯᠡᠨ ᠶᠠᠪᠤᠭᠳᠠᠭᠤᠯᠤᠭᠰᠠᠨ ᠲᠤᠮᠳᠠᠳᠤ ᠤᠯᠤᠰ ᠤᠨ MMA ᠬᠤᠯᠢᠮᠠᠭ ᠲᠤᠯᠤᠭᠠᠨ ᠤ ᠲᠤᠮᠳᠠᠳᠤ ᠭᠠᠳᠠᠭᠠᠳᠤ ᠶᠢᠨ ᠲᠡᠮᠡᠴᠡᠭᠡᠨ ᠳᠤ ᠪᠷᠠᠽᠢᠯ ᠤᠨ ᠲᠠᠮᠢᠷᠴᠢᠨ ᠲᠠᠢ ᠲᠠᠭᠠᠷᠠᠵᠤ ᠳᠡᠶᠢᠯᠵᠦ ᠪᠠᠶᠢᠭᠰᠨ᠃ 2017 ᠤᠨ ᠤ 7 ᠰᠠᠷ᠎ᠠ ᠳᠤ ᠠᠯᠠᠱᠠ ᠳᠤ ᠪᠤᠯᠤᠭᠰᠠᠨ ᠪᠡᠭᠡᠵᠢᠩ ᠤᠨ 《ᠽᠢ ᠳ᠋ᠠᠨ ᠹᠧᠢ》 ᠬᠤᠯᠢᠮᠠᠭ ᠲᠤᠯᠤᠭᠠᠨ ᠤ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ 84 kg ᠤᠨ ᠳᠡᠰ ᠤᠨ ᠳᠦᠷᠪᠠᠨ ᠬᠦᠮᠦᠨ ᠤ ᠲᠡᠮᠡᠴᠡᠭᠡᠨ ᠳᠤ ᠲᠡᠷᠢᠭᠦᠯᠡᠵᠦ᠂ ᠠᠯᠲᠠᠨ ᠬᠤᠨᠳᠠᠭ᠎ᠠ ᠲᠤᠰᠤᠭᠰᠠᠨ᠃

— ᠡᠨᠡ ᠵᠢᠯ ᠤᠨ ᠬᠤᠪᠢ ᠳᠤ ᠰᠢᠩᠭᠠᠫᠤᠷ ᠤᠨ ᠬᠤᠯᠢᠮᠠᠭ ᠲᠤᠯᠤᠭᠠᠨ ᠤ ᠲᠡᠮᠡᠴᠡᠭᠡᠨ ᠤ ᠲᠤᠮᠳᠠᠳᠦ ᠤᠯᠤᠰ ᠲᠠᠬᠢ ᠵᠢᠷᠭᠤᠭᠠᠨ ᠲᠠᠯᠠᠪᠤᠷ ᠲᠡᠮᠡᠴᠡᠭᠡᠨ ᠤ ᠭᠡᠷ᠎ᠠ ᠶᠢ ᠲᠤᠭᠳᠠᠵᠦ᠂ ᠬᠤᠶᠠᠷ ᠲᠠᠯᠠᠪᠤᠷ ᠤᠷᠤᠯᠳᠤᠵᠦ ᠪᠠᠰᠠ ᠲᠦᠷᠪᠠᠨ ᠲᠠᠯᠠᠪᠤᠷ ᠦᠯᠡᠳᠠᠵᠦ ᠪᠠᠶᠢᠨ᠎ᠠ ᠬᠡᠵᠦ ᠦᠷᠭᠡᠨᠪᠠᠶᠠᠷ ᠶᠠᠷᠢᠵᠦ ᠪᠠᠶᠢᠯ᠎ᠠ᠃

ᠤᠳᠤ ᠪᠤᠯᠬᠤ ᠳᠤ ᠦᠷᠭᠡᠨᠪᠠᠶᠠᠷ ᠬᠤᠯᠢᠮᠠᠭ ᠲᠤᠯᠤᠭᠠᠨ ᠢᠶᠠᠷ ᠨᠢᠭᠡᠨᠲᠡ 15 ᠲᠠᠯᠠᠪᠤᠷ ᠤᠷᠤᠯᠳᠤᠭᠠᠨ ᠳᠤ ᠤᠷᠤᠯᠴᠠᠵᠤ᠂ 11 ᠤᠳᠠᠭ᠎ᠠ ᠢᠯᠠᠵᠦ᠂ 4 ᠤᠳᠠᠭ᠎ᠠ ᠢᠯᠠᠭᠳᠠᠭᠰᠠᠨ ᠰᠠᠶᠢᠨ ᠬᠢᠷᠢ ᠪᠦᠲᠦᠮᠵᠢ ᠲᠠᠢ ᠶᠠᠪᠤᠵᠦ ᠪᠠᠶᠢᠨ᠎ᠠ᠃ ᠨᠤᠲᠤᠭ ᠤᠰᠤᠨ ᠳᠠᠭᠠᠨ ᠬᠢᠵᠠᠭᠠᠷ ᠦᠭᠡᠢ ᠶᠡᠭᠡ ᠬᠠᠶᠢᠷᠠᠲᠠᠢ ᠪᠠᠶᠢᠳᠠᠭ ᠦᠷᠭᠡᠨᠪᠠᠶᠠᠷ ᠲᠡᠮᠡᠴᠡᠭᠡᠨ ᠳᠤ ᠤᠷᠤᠯᠴᠠᠬᠤ ᠴᠤᠯᠠ ᠪᠠᠨ ︽ᠪᠠᠷᠭᠤ︾ ᠭᠡᠵᠦ ᠠᠪᠤᠭᠰᠠᠨ ᠪᠠᠶᠢᠳᠠᠭ᠃

ᠲᠠᠮᠢᠷᠴᠢᠨ ᠤ ᠢᠯᠠᠯᠲᠠ ᠬᠢᠮᠳᠠᠬᠠᠨ ᠤᠯᠳᠠᠬᠤ ᠦᠭᠡᠢ ᠭᠡᠵᠦ ᠳᠠᠭᠤᠨ ᠳᠤ ᠭᠠᠷᠳᠠᠭ ᠰᠢᠭ᠋ ᠤᠷᠤᠯᠳᠤᠭᠠᠨ ᠲᠡᠮᠡᠴᠡᠭᠡᠨ ᠪᠦᠬᠦᠨ ᠤ ᠴᠠᠭᠠᠨ᠎ᠠ ᠮᠠᠰᠢ ᠶᠡᠭᠡ ᠬᠦᠴᠦ ᠬᠦᠯᠦᠰᠦ ᠤᠷᠤᠰᠬᠠᠵᠦ ᠪᠠᠶᠢᠳᠠᠭ ᠨᠢ ᠮᠡᠳᠡᠭᠡᠵᠢ᠃ ᠭᠡᠮᠲᠤᠯ ᠰᠢᠷᠬᠠᠲᠤᠯ ᠴᠤ ᠢᠯᠠᠯᠲᠠ ᠶᠢᠨ ᠬᠠᠵᠠᠭᠤ ᠪᠠᠷ ᠳᠠᠭᠠᠯᠳᠤᠵᠦ ᠪᠠᠶᠢᠳᠠᠭ ᠢ ᠶᠠᠭᠤᠨ ᠬᠡᠯᠡᠬᠦᠪ᠃ ᠬᠤᠯᠢᠮᠠᠭ ᠲᠤᠯᠤᠭᠠᠨ ᠨᠢ ᠨᠢᠭᠡᠨ ᠲᠠᠮᠢᠷᠴᠢᠨ ᠤ ᠬᠦᠴᠦ ᠴᠢᠳᠠᠯ᠂ ᠲᠡᠰᠪᠦᠷᠢ ᠲᠠᠪᠴᠢᠶᠠᠷᠢ᠂ ᠰᠦᠰᠦ ᠵᠤᠷᠢᠭ᠂ ᠰᠡᠳᠬᠢᠯ ᠤᠨ ᠲᠠᠮᠢᠷ᠂ ᠬᠤᠷᠳᠤᠴᠠ ᠶᠢ ᠶᠡᠷᠦᠩᠬᠡᠢ ᠳᠤᠨᠢ ᠰᠢᠯᠭᠠᠳᠠᠭ᠃ ᠬᠤᠯᠢᠮᠠᠭ ᠲᠤᠯᠤᠭᠠᠨ ᠶᠤᠮ ᠤᠤ ᠴᠢᠯᠦᠭᠡᠲᠤ ᠨᠢᠳᠤᠷᠭ᠎ᠠ ᠭᠡᠰᠡᠨ ᠦᠭᠡᠢ ᠢᠰᠭᠦᠯᠬᠦ᠂ ᠰᠢᠭᠠᠬᠤ ᠨᠢᠲᠤᠷᠬᠤ᠂ ᠡᠪᠦᠳᠦᠭᠯᠡᠬᠦ ᠲᠤᠬᠤᠢᠢᠳᠠᠬᠤ ᠵᠡᠷᠭᠡ ᠤᠯᠠᠨ ᠵᠦᠢᠯ ᠤᠨ ᠠᠷᠭ᠎ᠠ ᠮᠡᠷᠭᠡᠵᠢᠯ ᠪᠠᠶᠢᠵᠦ᠂ ᠬᠠᠷᠠᠬᠤ ᠳᠤ ᠮᠠᠰᠢ ᠬᠡᠴᠡᠭᠦᠦ ᠪᠠᠶᠢᠳᠠᠭ ᠪᠤᠯᠪᠠᠴᠤ᠂ ᠮᠡᠷᠭᠡᠵᠢᠯ ᠢᠶᠠᠷ ᠰᠤᠷᠤᠭᠠᠳ ᠢᠷᠡᠬᠦ ᠪᠠᠷ ᠬᠢᠯᠪᠠᠷ ᠪᠤᠯᠵᠦ ᠪᠤᠰᠤᠳ ᠲᠠᠮᠢᠷ ᠤᠨ ᠬᠦᠳᠡᠯᠭᠡᠭᠡᠨ ᠲᠠᠢ ᠠᠳᠠᠯᠢᠬᠠᠨ ᠬᠠᠷᠢᠴᠠᠩᠬᠤᠢ ᠠᠮᠤᠷ ᠲᠦᠪᠰᠢᠨ ᠪᠠᠶᠢᠳᠠᠭ᠃ ᠲᠠᠮᠢᠷᠴᠢᠳ ᠤᠷᠤᠯᠳᠤᠭᠠᠨ ᠤ ᠡᠮᠦᠨᠡᠬᠢ ᠪᠡᠯᠡᠳᠬᠡᠯ ᠬᠢᠵᠦ ᠪᠡᠶ᠎ᠡ ᠶᠢᠨ ᠬᠦᠨᠳᠦ ᠪᠠᠨ ᠲᠡᠩᠴᠡᠭᠦᠯᠵᠦ ᠪᠠᠶᠢᠨ᠎ᠠ ᠭᠡᠵᠦ ᠳᠠᠩᠳᠠ ᠰᠤᠨᠤᠰᠳᠠᠳᠠᠭ᠃ ᠦᠷᠭᠡᠨᠪᠠᠶᠠᠷ ᠪᠢᠳᠡᠨ ᠤ ᠬᠤᠯᠢᠮᠠᠭ ᠲᠤᠯᠤᠭᠠᠨ ᠪᠤᠯ ᠪᠡᠶ᠎ᠠ ᠶᠢᠨ ᠭᠦᠨᠳᠦ ᠪᠠᠷ ᠳᠡᠰ ᠬᠤᠪᠢᠶᠠᠨ ᠤᠷᠤᠯᠳᠤᠳᠠᠭ ᠪᠠᠶᠢᠵᠦ᠂ ᠮᠡᠷᠭᠡᠵᠢᠯ ᠤᠨ ᠲᠠᠮᠢᠷᠴᠢᠨ ᠪᠤᠯᠤᠭᠰᠠᠨ ᠤ ᠬᠤᠪᠢ ᠳᠤ ᠵᠢᠩ ᠪᠠᠷᠢᠮᠳᠠᠯᠠᠬᠤ ᠨᠢ ᠤᠷᠤᠯᠳᠤᠭᠠᠨ ᠳᠤ ᠤᠷᠤᠬᠤ ᠲᠠᠢ ᠠᠳᠠᠯᠢᠬᠠᠨ ᠬᠡᠴᠡᠭᠦᠦ ᠰᠢᠯᠭᠠᠯᠲᠠ ᠶᠤᠮ᠂ ᠵᠠᠷᠢᠮ ᠨᠢ ᠵᠢᠩ ᠠᠴᠠ ᠪᠠᠨ ᠬᠡᠲᠦᠷᠬᠦ᠂ ᠵᠠᠷᠢᠮ ᠨᠢ ᠵᠢᠩ ᠬᠦᠷᠬᠦ ᠦᠭᠡᠢ ᠪᠠᠶᠢᠳᠠᠯ ᠭᠠᠷᠳᠠᠭ᠃ ᠡᠭᠦᠨ ᠤ ᠲᠤᠮᠳᠠ ᠵᠢᠩ ᠪᠠᠭᠤᠯᠭᠠᠬᠤ ᠨᠢ ᠬᠠᠮᠤᠭ ᠠᠴᠠ ᠬᠡᠴᠡᠭᠦᠦ ᠪᠠᠶᠢᠳᠠᠭ ᠭᠡᠵᠦ ᠶᠠᠷᠢᠨ᠎ᠠ᠂ ᠤᠷᠤᠯᠳᠤᠭᠠᠨ ᠤᠢᠢᠷᠠᠲᠤᠵᠤ ᠢᠷᠡᠬᠦ ᠳᠤ ᠵᠢᠩ ᠢᠶᠠᠨ ᠪᠠᠭᠤᠯᠭᠠᠵᠦ ᠴᠢᠳᠠᠭᠰᠠᠨ ᠴᠤ ᠶᠡᠷᠦ ᠶᠢᠨ ᠤᠷᠤᠯᠳᠤᠭᠠᠨ ᠤ ᠴᠢᠳᠠᠪᠤᠷᠢ ᠪᠠᠨ ᠨᠦᠯᠦᠭᠡᠯᠡᠵᠦ ᠮᠡᠳᠡᠳᠡᠭ ᠭᠡᠨ᠎ᠠ᠃

ᠬᠦᠴᠢᠷ ᠵᠦᠳᠡᠭᠦᠷᠢ ᠶᠢ ᠠᠵᠢᠭ ᠦᠭᠡᠢ ᠲᠤᠭᠤᠯᠵᠦ ᠢᠷᠡᠭᠰᠡᠨ ᠦᠷᠭᠡᠨᠪᠠᠶᠠᠷ ᠲᠤ ᠨᠢᠭᠡᠨ ᠬᠦᠰᠡᠯ ᠪᠠᠶᠢᠳᠠᠭ᠂ ᠲᠡᠷᠡ ᠨᠢ ᠤᠯᠠᠩᠬᠢ ᠲᠠᠮᠢᠷᠴᠢᠳ ᠭᠤᠴᠢᠨ ᠨᠠᠰᠤ ᠶᠢ ᠲᠠᠪᠠᠭᠰᠠᠭᠠᠷ ᠤᠷᠤᠯᠳᠤᠭᠠᠨ ᠳᠤ ᠤᠷᠤᠯᠴᠠᠬᠤ ᠪᠠᠨ ᠪᠠᠶᠢᠵᠤ᠂ ᠪᠠᠭᠰᠢᠯᠠᠬᠤ ᠶᠤᠮ ᠤᠤ ᠡᠰᠡᠭᠦᠯ᠎ᠠ ᠬᠤᠪᠢ ᠶᠢᠨ ᠠᠵᠢᠯ ᠳᠠᠭᠠᠨ ᠭᠠᠷᠳᠠᠭ᠃ ᠭᠡᠪᠡᠴᠤ ᠤᠯᠤᠰ ᠤᠨ ᠲᠤᠲᠤᠭᠠᠳᠤ ᠭᠠᠳᠠᠭᠠᠳᠤ ᠳᠤ ᠭᠤᠴᠢᠨ ᠲᠠᠪᠤ ᠶᠢ ᠳᠠᠪᠠᠭᠠᠳ ᠲᠡᠷᠡᠴᠢᠯᠡᠨ ᠳᠦᠴᠢ ᠦᠩᠭᠡᠷᠡᠭᠡᠳ ᠴᠤ ᠤᠷᠤᠯᠳᠤᠭᠠᠨ ᠤ ᠲᠠᠯᠠᠪᠤᠷ ᠲᠤ ᠬᠢᠯᠠᠯᠵᠠᠭᠤᠯᠵᠦ ᠶᠠᠪᠤᠭ᠎ᠠ ᠲᠠᠮᠢᠷᠴᠢᠳ ᠪᠠᠰᠠ ᠵᠦᠩᠳᠡᠭᠡᠨ ᠪᠠᠶᠢᠳᠠᠭ᠃ ᠦᠷᠭᠡᠨᠪᠠᠶᠠᠷ ᠴᠤ ᠠᠶᠠᠨ ᠤ ᠵᠠᠮ ᠢᠶᠠᠨ ᠨᠡᠩ ᠤᠷᠳᠤ ᠦᠷᠭᠦᠯᠵᠢᠯᠡᠬᠦᠯᠵᠦ᠂ ᠨᠡᠩ ᠠᠷᠪᠢᠨ ᠤᠷᠤᠯᠳᠤᠭᠠᠨ ᠳᠤ ᠤᠷᠤᠯᠴᠠᠨ ᠨᠡᠩ ᠰᠠᠶᠢᠨ ᠬᠢᠷᠢ ᠪᠦᠲᠦᠮᠵᠢ ᠳᠤ ᠬᠦᠷᠬᠦ ᠪᠠᠷ ᠴᠢᠷᠮᠠᠶᠢᠵᠦ ᠶᠠᠪᠤᠨ᠎ᠠ᠃

— ᠠᠯᠬᠤᠮ ᠪᠦᠷᠢ ᠳᠤ ᠮᠢᠨᠢ ᠵᠢᠭᠠᠨ ᠵᠢᠯᠤᠭᠤᠳᠴᠤ ᠮᠡᠷᠭᠡᠵᠢᠯ ᠪᠤᠯᠭᠠᠨ ᠢᠶᠠᠨ ᠬᠠᠷᠠᠮ ᠦᠭᠡᠢ ᠬᠠᠶᠢᠷᠠᠯᠠᠭᠰᠨ ᠪᠠᠭᠰᠢ ᠨᠠᠷ ᠲᠠᠭᠠᠨ ᠳᠠᠩᠳᠠ ᠲᠠᠯᠠᠷᠬᠠᠵᠦ ᠶᠠᠪᠤᠳᠠᠭ᠂ ᠡᠭᠦᠨ ᠤ ᠬᠠᠮᠳᠤ ᠨᠠᠮᠠᠢᠢ ᠬᠠᠮᠤᠭ ᠠᠩᠬ᠎ᠠ ᠮᠡᠷᠭᠡᠵᠢᠯ ᠤᠨ ᠲᠠᠮᠢᠷᠴᠢᠨ ᠤ ᠵᠠᠮ ᠢᠶᠠᠷ ᠬᠦᠲᠦᠯᠦᠭᠰᠡᠨ ᠡᠸᠡᠩᠬᠢ ᠬᠤᠰᠢᠭᠤᠨ ᠤ ᠰᠤᠮᠢᠶ᠎ᠠ ᠠᠬ᠎ᠠ ᠳᠠᠭᠠᠨ ᠮᠠᠰᠢ ᠶᠡᠭᠡ ᠪᠠᠶᠠᠷᠯᠠᠵᠦ ᠶᠠᠪᠤᠳᠠᠭ ᠰᠢᠤ᠂ ᠨᠡᠩ ᠴᠤ ᠨᠠᠳᠠ ᠶᠢ ᠤᠷᠤᠯᠳᠤᠭᠠᠨ ᠪᠤᠯᠭᠠᠨ ᠳᠤ ᠳᠡᠮᠵᠢᠳᠡᠭ ᠠᠪᠤ ᠡᠵᠢ ᠠᠬ᠎ᠠ ᠳᠡᠭᠦᠦ ᠲᠦᠷᠦᠯ ᠰᠠᠳᠤᠨ᠂ ᠨᠤᠳᠤᠭ ᠤᠨ ᠤᠯᠠᠨ ᠨᠠᠶᠢᠵᠠ ᠨᠦᠬᠦᠳ᠂ ᠪᠦᠷ ᠲᠡᠷᠡᠴᠢᠯᠠᠡ ᠲᠠᠨᠢᠵᠦ ᠮᠡᠳᠡᠬᠦ ᠦᠬᠡᠢ ᠬᠦᠮᠦᠰ ᠤᠨ ᠵᠤᠷᠢᠭᠵᠢᠭᠤᠯᠤᠨ ᠳᠡᠮᠵᠢᠵᠦ ᠪᠠᠶᠢᠭᠰᠠᠨ ᠳᠤ ᠲᠠᠯᠠᠷᠬᠠᠯ᠎ᠠ ᠁

ᠦᠢᠯᠡᠰ ᠤᠨ ᠳᠦᠷᠦᠭᠡ ᠢᠰᠭᠦᠯᠵᠦ᠂ ᠨᠤᠲᠤᠭ ᠤᠨ ᠨᠡᠷ᠎ᠠ ᠪᠠᠨ ᠡᠷᠭᠦᠵᠦ ᠶᠠᠪᠤᠭ᠎ᠠ ᠦᠷᠭᠡᠨᠪᠠᠶᠠᠷ ᠲᠠᠭᠠᠨ ᠤᠷᠤᠯᠳᠤᠭᠠᠨ ᠤ ᠦᠨᠳᠦᠷ ᠠᠮᠵᠢᠯᠲᠠ ᠬᠦᠰᠡᠶ᠎ᠠ︕(ᠨᠠᠰᠤᠨᠳᠡᠯᠭᠡᠷ)

ᠢᠷᠡᠯᠳᠡ : 

 ᠬᠦᠯᠦᠨ ᠪᠤᠢ᠌ᠢᠷ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ